ᠦᠠᠳᠦᠷ ᠬᠦᠴᠦᠳᠡᠯ᠂ ᠨᠤᠴᠤᠮᠠᠳᠠᠭᠠᠢ᠂ ᠳᠠᠰᠤᠷᠠᠮᠠᠳᠡᠬᠡᠢ᠂ ᠲᠤᠠᠠᠰᠢᠨ ᠬᠤᠤᠷ ᠲᠠᠢ᠂ ᠰᠠᠴᠤᠷᠠᠮᠠᠬᠠᠢ  ᠴᠢᠨᠠᠷ ᠲᠠᠢ᠂ ᠠᠮᠢᠳᠦ ᠪᠤᠳᠠᠰ ᠤᠨ ᠠᠮᠤᠷ ᠲᠦᠪᠰᠢᠨ ᠵᠡᠷᠭᠡ ᠶᠡᠷᠦ ᠳᠡᠭᠡᠨ ᠬᠠᠷᠬᠠᠳᠠᠳᠠᠭ ᠠᠶᠤᠯ ᠤᠨ  ᠳᠡᠮᠳᠡᠭ ᠢ ᠢᠯᠭᠠᠨ ᠴᠢᠳᠠᠵᠦ᠂ ᠠᠶᠤᠯ ᠲᠦᠭᠰᠢᠭᠦᠷᠢ ᠪᠤᠳᠠᠰ ᠠᠴᠠ ᠬᠤᠯᠠ ᠪᠠᠶᠢᠬᠤ ᠬᠡᠷᠡᠭᠳᠡᠢ
ᠨᠡᠶᠢᠲᠡᠯᠡᠭᠰᠡᠨ ᠴᠠᠭ᠄
2022/5/10
      ᠬᠤᠤᠷᠯᠠᠯ ᠢ ᠪᠠᠭᠠᠰᠬᠠᠬᠤ ᠶᠢᠨ ᠲᠦᠯᠦᠭᠡ᠂ ᠦᠠᠳᠦᠷ ᠬᠦᠴᠦᠳᠡᠯ᠂ ᠨᠤᠴᠤᠮᠠᠳᠠᠭᠠᠢ᠂ ᠳᠠᠰᠤᠷᠠᠮᠡᠳᠡᠬᠡᠢ᠂  ᠲᠤᠠᠠᠰᠢᠨ ᠬᠤᠤᠷ ᠲᠠᠢ᠂ ᠰᠠᠴᠤᠷᠠᠮᠠᠬᠠᠢ ᠴᠢᠨᠠᠷ ᠲᠠᠢ ᠂ ᠠᠮᠢᠳᠦ ᠪᠤᠳᠠᠰ ᠤᠨ ᠬᠤᠤᠷᠳᠡᠢ ᠠᠶᠤᠯ ᠲᠦᠭᠰᠢᠭᠦᠷᠢᠢᠲᠦ ᠪᠤᠳᠠᠰ ᠠᠴᠠ ᠬᠤᠯ᠎ᠠ ᠵᠠᠶᠢᠯᠠᠰᠬᠢᠨ᠎ᠠ᠃ ᠶᠡᠷᠦ ᠳᠡᠭᠡᠨ ᠬᠠᠷᠬᠠᠳᠠᠳᠠᠭ ᠠᠶᠤᠯ ᠤᠨ ᠳᠡᠮᠳᠡᠭ ᠢ ᠢᠯᠭᠠᠵᠦ ᠲᠠᠨᠢᠵᠦ  ᠴᠢᠳᠠᠬᠤ ᠨᠢ ᠪᠡᠶ᠎ᠡ ᠶᠢᠨ ᠠᠮᠤᠷ ᠲᠦᠪᠰᠢᠨ ᠢᠶᠠᠨ ᠬᠠᠮᠠᠭᠠᠯᠠᠬᠤ ᠵᠠᠩᠬᠢᠯᠠᠭ᠎ᠠ ᠪᠤᠯᠤᠨ᠎ᠠ᠃ ᠠᠶᠤᠯ ᠤᠨ ᠳᠡᠮᠳᠡᠭ ᠨᠢ  ᠠᠮᠤᠷ ᠲᠦᠪᠰᠢᠨ ᠤ ᠦᠩᠭᠡ᠂ ᠭᠸᠤᠮᠧᠳ᠋ᠷᠢ ᠶᠢᠨ ᠵᠢᠷᠤᠭ ᠳᠦᠷᠰᠦ ᠪᠠ ᠵᠢᠷᠤᠭ ᠳᠦᠷᠰᠦ ᠶᠢᠨ ᠳᠡᠮᠳᠡᠭ ᠢᠶᠠᠷ  ᠪᠦᠷᠢᠯᠳᠤᠨ ᠤᠠᠴᠠᠭᠠᠢ ᠠᠶᠤᠯ ᠲᠦᠭᠰᠢᠭᠦᠷᠢᠲᠦ ᠰᠤᠷᠠᠭ ᠴᠢᠮᠡᠭᠡ ᠶᠢ ᠢᠯᠡᠳᠭᠡᠳᠡᠭ ᠪᠢᠯᠡ᠃ ᠠᠶᠤᠯ ᠤᠨ ᠳᠡᠮᠳᠡᠭ ᠢ ᠬᠡᠷᠡᠭᠯᠡᠬᠦ ᠵᠤᠷᠢᠯᠭ᠎ᠠ ᠪᠤᠯ ᠬᠦᠮᠦᠰ ᠢ ᠤᠷᠴᠢᠨ ᠲᠤᠭᠤᠷᠢᠨ ᠢ ᠠᠩᠬᠠᠷᠠᠬᠤ ᠶᠢ ᠰᠡᠷᠡᠮᠵᠢᠯᠡᠭᠦᠯᠵᠦ᠂ ᠡᠭᠦᠰᠬᠦ  ᠪᠤᠯᠤᠯᠴᠠᠭ᠎ᠠ ᠪᠦᠬᠦᠢ ᠠᠶᠤᠯ ᠠᠴᠠ ᠵᠠᠶᠢᠯᠠᠭᠤᠯᠵᠦ᠂ ᠬᠡᠷᠡᠭ ᠶᠠᠪᠤᠳᠡᠯ ᠡᠭᠦᠰᠬᠦ ᠠᠴᠠ ᠰᠡᠷᠭᠡᠶᠢᠯᠡᠵᠦ᠂ ᠠᠮᠤᠷ  ᠲᠦᠪᠰᠢᠨ ᠢ ᠬᠠᠮᠠᠭᠠᠯᠠᠬᠤ ᠦᠢᠯᠡᠳᠦᠯ ᠲᠠᠢ᠃           ᠭᠡᠲᠡᠯ᠎ᠡ ᠠᠶᠤᠯ ᠤᠨ ᠳᠡᠮᠳᠡᠭ ᠤᠨ ᠲᠤᠰ ᠪᠡᠶ᠎ᠡ ᠨᠢ ᠶᠠᠮᠠᠷ ᠴᠦ ᠠᠶᠤᠯ ᠲᠦᠭᠰᠢᠭᠦᠷᠢ ᠶᠢ ᠵᠠᠶᠢᠯᠠᠭᠤᠯᠵᠦ ᠴᠢᠳᠠᠬᠤ  ᠦᠭᠡᠢ ᠪᠦᠭᠡᠳ ᠬᠡᠷᠡᠭ ᠶᠠᠪᠤᠳᠡᠯ ᠠᠴᠠ ᠰᠡᠷᠭᠡᠶᠢᠯᠡᠬᠦ ᠬᠠᠮᠢᠶ᠎ᠠ ᠪᠦᠬᠦᠢ ᠲᠦᠭᠦᠭᠡᠷᠦᠮᠵᠢ ᠶᠢ ᠴᠦ ᠤᠷᠤᠯᠠᠵᠦ ᠳᠡᠶᠢᠯᠬᠦ  ᠦᠭᠡᠢ ᠪᠠᠶᠢᠳᠠᠭ ᠢ ᠠᠩᠬᠠᠷᠬᠤ ᠴᠢᠬᠤᠯᠠᠳᠡᠢ᠃ ᠠᠶᠤᠯ ᠤᠨ ᠳᠡᠮᠳᠡᠭ ︵ᠰᠡᠷᠡᠮᠵᠢ ᠶᠢᠨ ᠳᠡᠮᠳᠡᠭ︶ ᠤᠨ ᠠᠭᠤᠯᠬᠤᠨ  ᠪᠤᠯ ᠵᠢᠷᠤᠭ ᠲᠦᠷᠰᠦ ᠶᠢᠨ ᠳᠡᠮᠳᠡᠭ ᠪᠤᠯᠤᠨ᠎ᠠ᠃           ᠦᠠᠳᠦᠰᠦᠨ ᠬᠡᠯᠪᠡᠷᠢ ᠨᠢ ᠬᠠᠷ᠎ᠠ ᠦᠩᠭᠳᠡᠢ ᠠᠳᠠᠯᠢ ᠲᠠᠯᠠᠲᠦ ᠭᠤᠷᠪᠠᠯᠵᠢᠨ᠂ ᠤᠷᠤᠢ ᠶᠢᠨ ᠦᠠᠴᠦᠭ ᠨᠢ  ᠳᠡᠭᠡᠭᠰᠢ ᠬᠠᠨᠳᠤᠨ᠎ᠠ᠃ ᠳᠡᠮᠳᠡᠭ ᠤᠨ ᠠᠷᠦ ᠦᠵᠡᠭᠳᠡᠯ ᠤᠨ ᠦᠩᠭᠡ ᠨᠢ ᠰᠢᠷ᠎ᠠ᠂ ᠳᠤᠮᠳᠠᠬᠢ ᠵᠢᠷᠤᠭ ᠳᠦᠷᠰᠦ ᠨᠢ ᠬᠠᠷ᠎ᠠ ᠪᠠᠶᠢᠳᠠᠭ᠃           ᠦᠠᠳᠦᠷ ᠬᠦᠴᠦᠳᠡᠯ ᠤᠨ ᠰᠡᠷᠡᠮᠵᠢ ᠶᠢᠨ ᠳᠡᠮᠳᠡᠭ᠄ ᠠᠳᠠᠯᠢ ᠲᠠᠯᠠᠲᠦ ᠭᠤᠷᠪᠠᠯᠵᠢᠨ ᠤ ᠳᠤᠲᠤᠷᠠᠬᠢ ᠰᠤᠮᠤᠨ  ᠦᠵᠦᠭᠦᠷ ᠤᠨ ᠬᠡᠯᠪᠡᠷᠢᠲᠦ ᠴᠠᠬᠢᠯᠭᠠᠨ ᠴᠠᠬᠢᠯᠠᠬᠤ ᠳᠡᠮᠳᠡᠭ ᠨᠢ ᠦᠷᠭᠡᠨ ᠤᠯᠠᠨ ᠳᠤ᠂ ᠲᠤᠰ ᠲᠤᠭᠤᠷᠢᠭ ᠲᠤ ᠤᠭ ᠢ ᠨᠢ ᠳᠠᠰᠤᠯᠤᠭ᠎ᠠ ᠦᠭᠡᠢ ᠦᠠᠳᠦᠷ ᠬᠦᠴᠦᠳᠡᠯᠲᠦ ᠴᠠᠬᠢᠯᠭᠠᠨ ᠤ ᠠᠶᠤᠯ ᠲᠠᠢ ᠪᠤᠯᠬᠤᠷ ᠬᠤᠯ᠎ᠠ ᠵᠠᠶᠢᠯᠠᠰᠬᠢᠵᠦ  ᠴᠠᠬᠢᠯᠭᠠᠨ ᠳᠤ ᠴᠤᠬᠢᠨ᠋ᠠᠳᠠᠬᠤ ᠠᠴᠠ ᠪᠤᠯᠭᠤᠮᠵᠢᠯᠠᠬᠤ ᠨᠢ ᠵᠤᠬᠢᠰᠳᠡᠢ᠃ ᠡᠳᠡᠭᠡᠷ ᠲᠤᠭᠤᠷᠢᠭ ᠨᠢ ᠦᠠᠳᠦᠷ ᠬᠦᠴᠦᠳᠡᠯᠲᠦ ᠲᠤᠷᠰᠢᠯᠲᠠ ᠶᠢᠨ ᠤᠷᠤᠨ᠂ ᠦᠠᠳᠦᠷ ᠬᠦᠴᠦᠳᠡᠯᠲᠦ ᠤᠳᠠᠰᠦ᠂ ᠳᠠᠮᠵᠢᠭᠤᠯᠤᠨ ᠬᠤᠪᠢᠷᠠᠬᠤ  ᠴᠠᠬᠢᠯᠭᠠᠨ ᠲᠦᠬᠦᠭᠡᠷᠦᠮᠵᠢ ᠶᠢᠨ ᠦᠢᠷᠠᠯᠴᠠᠭ᠎ᠠ ᠪᠤᠢ ᠭᠡᠵᠦ ᠰᠡᠷᠡᠮᠵᠢᠯᠡᠭᠦᠯᠵᠦ ᠪᠠᠶᠢᠳᠠᠭ᠃ ᠰᠡᠷᠡᠮᠵᠢ ᠶᠢᠨ ᠳᠡᠮᠳᠡᠭ ᠨᠢ  ᠡᠨᠡ ᠭᠠᠵᠠᠷ ᠪᠤᠯ ᠦᠢᠷᠠᠳᠴᠦ ᠪᠤᠯᠤᠰᠢ ᠦᠭᠡᠢ ᠠᠶᠤᠯ ᠲᠦᠭᠰᠢᠭᠦᠷᠢᠲᠦ ᠤᠷᠴᠢᠨ ᠲᠤᠭᠤᠷᠢᠨ᠂ ᠳᠤᠤᠷ᠎ᠠ ᠪᠠᠨ  ᠬᠤᠯᠠ ᠵᠠᠶᠢᠯᠠᠬᠤ ᠨᠢ ᠵᠤᠬᠢᠰᠳᠡᠢ᠃ ᠴᠠᠬᠢᠯᠭᠠᠨ ᠬᠦᠴᠦᠨ ᠤ ᠠᠵᠦ ᠠᠬᠤᠶᠢᠯᠠᠯ ᠤᠨ ᠳᠠᠷᠤᠯᠲᠠ ᠶᠢᠨ ᠰᠠᠪᠠ᠂ ᠭᠠᠩᠨᠠᠨ ᠵᠠᠯᠭᠠᠬᠤ ᠲᠤᠨᠤᠭ᠂ ᠴᠠᠬᠢᠯᠭᠠᠨ ᠱᠠᠲᠦ ᠪᠠ ᠭᠠᠯ ᠤᠠᠲᠠᠷᠠᠭᠠᠬᠤ ᠲᠦᠭᠦᠭᠡᠷᠦᠮᠵᠢ ᠳᠤ ᠠᠪᠠᠷᠢᠬᠤ ᠶᠢ  ᠴᠡᠭᠡᠷᠯᠡᠬᠡᠷᠡᠢ ᠭᠡᠵᠦ ᠰᠡᠷᠡᠮᠵᠢ ᠦᠭᠴᠦ ᠪᠠᠶᠢᠳᠠᠭ᠃ ᠵᠠᠷᠢᠮ ᠳᠠᠭᠠᠨ ᠦᠠᠳᠦᠷ ᠬᠦᠴᠦᠳᠡᠯ ᠤᠨ ᠰᠡᠷᠡᠮᠵᠢ ᠶᠢᠨ ᠳᠡᠮᠳᠡᠭ ᠤᠨ ᠳᠤᠤᠷ᠎ᠠ ᠨᠢ ︽ᠬᠠᠭᠠᠯᠲᠠ ᠶᠢ ᠨᠡᠶᠢᠯᠡᠭᠦᠯᠬᠦ ᠶᠢ ᠴᠠᠭᠠᠵᠠᠯᠠᠨ᠎ᠠ︾᠂ ︽ᠬᠡᠯᠬᠢᠶᠡᠨ ᠳᠡᠭᠡᠷ᠎ᠡ ᠬᠦᠮᠦᠨ  ᠠᠵᠢᠯᠯᠠᠵᠦ ᠪᠠᠶᠢᠨ᠎ᠠ︾᠂ ︽ᠵᠤᠠᠠᠰᠤᠭᠠᠷᠠᠢ᠂ ᠦᠠᠳᠦᠷ ᠬᠦᠴᠦᠳᠡᠯ ᠠᠶᠤᠯ ᠲᠠᠢ︾᠂ ︽ᠬᠡᠷᠰᠡᠤᠯᠡᠭᠡᠷᠡᠢ᠂  ᠴᠠᠬᠢᠯᠭᠠᠨ ᠲᠠᠢ︾᠂ ︽ᠤᠠᠴᠠᠭᠠᠢ ᠳᠠᠭᠠᠭᠠᠴᠠ ᠲᠠᠢ᠂ ᠬᠠᠭᠠᠯᠲᠠ ᠶᠢ ᠳᠠᠷᠤᠬᠤ ᠶᠢ ᠲᠠᠰᠦ ᠴᠡᠭᠡᠷᠯᠡᠨ᠎ᠡ︾ ᠵᠡᠷᠭᠡ  ᠦᠰᠦᠭ ᠲᠠᠢ ᠬᠠᠷᠬᠠᠳᠠᠨ᠎ᠠ᠃   ᠨᠤᠴᠤᠮᠠᠳᠠᠭᠠᠢ ᠶᠢᠨ ᠰᠡᠷᠡᠮᠵᠢ ᠶᠢᠨ ᠳᠡᠮᠳᠡᠭ᠄ ᠠᠳᠠᠯᠢ ᠲᠠᠯᠠᠲᠦ ᠭᠤᠷᠪᠠᠯᠵᠢᠨ ᠤ ᠲᠤᠳᠤᠷᠠᠬᠢ ᠲᠦᠷᠡᠯᠵᠡᠵᠦ  ᠪᠠᠶᠢᠭ᠎ᠠ ᠲᠦᠯᠦ ᠶᠢᠨ ᠳᠡᠮᠳᠡᠭ ᠨᠢ ᠤᠯᠠᠨ ᠨᠡᠶᠢᠲᠠ ᠳᠤ ᠭᠠᠯ ᠤᠨ ᠭᠠᠮᠰᠢᠭ ᠡᠭᠦᠰᠬᠦ ᠠᠶᠤᠯ ᠲᠦᠭᠰᠢᠭᠦᠷᠢᠲᠦ ᠭᠠᠵᠠᠷ ᠠᠴᠠ ᠬᠤᠯᠠ ᠵᠠᠶᠢᠯᠠᠬᠤ ᠶᠢ ᠰᠡᠷᠡᠮᠵᠢᠯᠡᠭᠦᠯᠵᠦ ᠪᠠᠶᠢᠭ᠎ᠠ ᠶᠤᠮ᠃ ᠵᠢᠱᠢᠶᠡᠯᠡᠪᠡᠯ᠄ ᠨᠤᠴᠤᠮᠠᠳᠠᠭᠠᠢ ᠪᠤᠳᠠᠰ ᠢ ᠦᠢᠯᠡᠳᠪᠦᠷᠢᠯᠡᠬᠦ᠂ ᠳᠡᠭᠡᠭᠡᠪᠦᠷᠢᠯᠡᠬᠦ᠂ ᠬᠡᠷᠡᠭᠯᠡᠬᠦ ᠵᠡᠷᠭᠡ ᠭᠠᠵᠠᠷ᠃           ᠨᠤᠴᠤᠮᠠᠳᠠᠭᠠᠢ ᠪᠤᠳᠠᠰ ᠲᠠᠢ ᠦᠢᠷᠠᠳᠬᠤ ᠪᠤᠶᠤ ᠨᠤᠴᠤᠬᠤ ᠪᠤᠳᠠᠰ ᠤᠨ ᠬᠦᠮᠦᠷᠭᠡᠨ ᠳᠤ ᠤᠷᠤᠬᠤ ᠳᠠᠭᠠᠨ  ᠲᠠᠮᠠᠬᠢ ᠲᠠᠳᠠᠵᠦ ᠪᠤᠯᠬᠤ ᠦᠭᠡᠢ᠂ ᠭᠠᠯ ᠬᠡᠷᠡᠭᠯᠡᠵᠦ ᠪᠤᠯᠬᠤ ᠦᠭᠡᠢ᠂ ᠬᠤᠸᠠᠷ ᠫᠤᠤᠵᠢᠩ᠂ ᠫᠤᠤᠵᠢᠩ ᠲᠠᠯᠪᠢᠬᠤ ᠶᠢ ᠲᠠᠰᠦ ᠴᠡᠭᠡᠷᠯᠡᠨ᠎ᠡ᠃ ᠨᠤᠴᠤᠮᠠᠳᠠᠭᠠᠢ ᠠᠶᠤᠯᠲᠦ ᠪᠤᠳᠠᠰ ᠲᠤ ᠪᠠᠭᠲᠠᠬᠤ ᠵᠦᠢᠯᠡᠰ ᠭᠡᠪᠡᠯ᠄ ① ᠨᠤᠴᠤᠮᠠᠳᠠᠭᠠᠢ  ᠰᠢᠩᠭᠡᠨ ᠪᠡᠶᠡᠲᠦ ᠳᠤ᠂ ᠵᠢᠱᠢᠶᠡᠯᠡᠪᠡᠯ ᠮᠧᠲ᠋ᠢᠯ ᠠᠯᠺᠦᠤᠯ᠂ ᠡᠲ᠋ᠢᠯ ᠠᠯᠺᠤᠤᠯ᠂ ᠫᠠᠷᠤᠫᠠ ᠺᠧᠲ᠋ᠤᠨ᠂ ᠴᠢᠶ᠋ᠢᠦ᠂  ᠪᠧᠨ᠋ᠽᠧᠨ᠂ ᠮᠧᠲ᠋ᠢᠯᠲᠦ ᠪᠧᠨ᠋ᠽᠸᠠ᠂ ᠬᠤᠶᠠᠷ ᠮᠧᠲ᠋ᠢᠯᠲᠦ ᠪᠧᠨ᠋ᠽᠸᠠ᠂ ᠡᠲ᠋ᠢᠯ ᠡᠲ᠋ᠧᠷ ᠵᠡᠷᠭᠡ ᠪᠤᠯᠤᠨ᠎ᠠ᠃ ②  ᠨᠤᠴᠤᠮᠠᠳᠠᠭᠠᠢ ᠬᠠᠲᠠᠭᠤ ᠪᠠᠶᠡᠲᠦ ᠳᠤ᠂ ᠤᠯᠠᠭᠠᠨ ᠹᠤᠰᠹᠦᠷ᠂ ᠭᠤᠷᠪᠠᠨ ᠬᠦᠬᠦᠷᠲᠦ ᠹᠤᠰᠹᠤᠷ᠂ ᠲᠠᠪᠤᠨ ᠬᠦᠬᠦᠷᠲᠦ  ᠹᠤᠰᠹᠤᠷ᠂ ᠬᠤᠶᠠᠷ ᠨᠢᠳ᠋ᠷᠤ᠋ ᠪᠦᠯᠦᠭ ᠪᠧᠨ᠋ᠽᠸᠠ ᠨᠢᠳ᠋ᠷᠤᠵᠢᠠᠠᠰᠠᠨ ᠬᠦᠪᠤᠡᠭ᠂ ᠬᠢᠯᠠᠯᠵᠠᠬᠤ ᠨᠤᠠᠳᠠᠭ᠂ ᠬᠦᠩᠭᠡᠨ  ᠴᠠᠭᠠᠨ ᠤ ᠨᠤᠠᠳᠠᠭ᠂ ᠮᠠᠨᠠᠢ ᠶᠢᠨ ᠨᠤᠠᠳᠠᠭ᠂ ᠬᠦᠬᠦᠷᠲᠦ ᠢᠤᠳ᠋ ᠵᠡᠷᠭᠡ᠃ ③ ᠦᠪᠡᠷᠲᠡᠭᠡᠨ ᠨᠤᠴᠤᠬᠤ ᠪᠤᠳᠠᠰ ᠲᠤ᠂ ᠰᠢᠷ᠎ᠠ ᠹᠤᠰᠹᠤᠷ᠂ ᠨᠢᠳ᠋ᠷᠤᠵᠢᠠᠠᠰᠠᠨ ᠰᠢᠷᠭᠡᠭᠯᠢᠭ ᠡᠳ᠋᠂ ᠰᠧᠯᠦ᠋ᠯᠦ᠋ᠢᠳ᠋᠂ ᠨᠢᠳ᠋ᠷᠤᠵᠢᠠᠠᠰᠠᠨ ᠭᠯᠽᠧᠷᠢᠨ᠂ ᠲᠡᠮᠦᠷᠯᠢᠭ  ᠤᠰᠤᠳᠦ᠋ᠷᠦᠭᠴᠢᠵᠢᠬᠦ ᠨᠢᠭᠡᠳᠪᠦᠷᠢ᠂ ᠹᠤᠰᠹᠤᠷᠲᠦ ᠨᠢᠭᠡᠳᠪᠦᠷᠢ ᠵᠡᠷᠭᠡ ᠪᠤᠯᠤᠨ᠎ᠠ᠃           ᠳᠠᠰᠤᠷᠠᠮᠠᠳᠡᠬᠡᠢ ᠶᠢᠨ ᠰᠡᠷᠡᠮᠵᠢ ᠶᠢᠨ ᠳᠡᠮᠳᠡᠭ᠄ ᠠᠳᠠᠯᠢ ᠲᠠᠯᠠᠲᠦ ᠭᠤᠷᠪᠠᠯᠵᠢᠨ ᠤ ᠳᠤᠲᠤᠷᠠᠬᠢ ᠳᠡᠮᠳᠡᠭ ᠨᠢ ᠡᠨᠡ  ᠲᠤᠭᠤᠷᠢᠭ ᠲᠤ ᠳᠠᠷᠢ᠂ ᠬᠤᠸᠠᠷ ᠫᠤᠤᠵᠢᠩ ᠂ ᠫᠤᠤᠵᠢᠩ ᠮᠡᠲᠦ ᠶᠢᠨ ᠲᠠᠰᠤᠷᠠᠮᠡᠳᠡᠬᠡᠢ ᠪᠤᠳᠠᠰ ᠪᠤᠢ᠂ ᠡᠳᠡᠭᠡᠷ  ᠪᠤᠳᠠᠰ ᠨᠢ ᠭᠠᠳᠠᠭᠠᠲᠦ ᠬᠦᠴᠦᠨ ᠤ ᠦᠢᠯᠡᠳᠦᠯ ᠳᠤᠤᠷ᠎ᠠ ︵ᠬᠠᠯᠠᠭᠤᠨ ᠬᠦᠷᠲᠡᠬᠦ ᠪᠤᠶᠤ ᠳᠡᠷᠤᠯᠲᠠ ᠬᠦᠷᠲᠡᠬᠦ᠂  ᠮᠦᠷᠭᠦᠬᠦ ᠵᠡᠷᠭᠡ︶ ᠲᠦᠢᠯ ᠤᠨ ᠬᠦᠠᠳᠦ ᠨᠤᠴᠢᠳᠡᠢ ᠬᠢᠮᠢ ᠶᠢᠨ ᠤᠷᠪᠡᠯ ᠡᠭᠦᠰᠴᠦ᠂ ᠠᠠᠠᠱᠠᠨ ᠵᠠᠭᠤᠷ᠎ᠠ ᠶᠡᠭᠡ ᠬᠡᠮᠵᠢᠶᠡᠨ ᠤ ᠬᠡᠢ ᠪᠡᠶᠡᠲᠦ ᠪᠠ ᠬᠠᠯᠠᠭᠤᠨ ᠤ ᠬᠡᠮᠵᠢᠶ᠎ᠡ ᠡᠭᠦᠰᠭᠡᠵᠦ᠂ ᠤᠷᠴᠢᠨ ᠲᠤᠭᠤᠷᠢᠨ ᠤ ᠳᠠᠷᠤᠯᠲᠠ ᠶᠢ ᠲᠦᠷᠭᠡᠨ ᠳᠡᠭᠡᠭᠰᠢᠯᠡᠭᠦᠯᠵᠦ ᠳᠡᠯᠪᠡᠷᠡᠯᠲᠡ ᠡᠭᠦᠰᠭᠡᠨ᠎ᠡ ᠭᠡᠳᠡᠭ ᠢ ᠰᠡᠷᠡᠮᠵᠢᠯᠡᠭᠦᠯᠵᠦ ᠪᠠᠶᠢᠳᠠᠭ᠃ ᠰᠠᠷᠡᠮᠵᠢ ᠶᠢᠨ ᠳᠡᠮᠳᠡᠭ ᠨᠢ ᠲᠤᠰ  ᠭᠠᠵᠠᠷ ᠲᠤ ᠡᠪᠳᠡᠯᠭᠡ ᠶᠢᠨ ᠴᠢᠨᠡᠷᠳᠡᠢ ᠳᠡᠯᠪᠡᠷᠡᠯᠲᠡ ᠡᠭᠦᠰᠴᠦ ᠮᠡᠳᠡᠬᠦ ᠪᠤᠯᠬᠤᠷ᠂ ᠦᠢᠷᠡᠳᠴᠦ ᠪᠤᠯᠬᠤ ᠦᠭᠡᠢ  ᠭᠡᠳᠡᠭ ᠢ ᠰᠡᠷᠡᠮᠵᠢᠯᠡᠭᠦᠯᠵᠦ ᠪᠠᠶᠢᠳᠠᠭ᠃ ᠠᠮᠠᠷᠬᠠᠨ ᠳᠡᠯᠪᠡᠷᠡᠯᠲᠡ ᠡᠬᠦᠰᠬᠦ ᠠᠶᠤᠯ ᠲᠦᠭᠰᠢᠭᠦᠷᠢ ᠲᠠᠯᠠᠪᠤᠷ ᠲᠤ  ᠨᠤᠴᠤᠮᠠᠳᠠᠭᠠᠢ᠂ ᠲᠠᠰᠤᠷᠠᠮᠠᠳᠠᠬᠡᠢ ᠪᠤᠳᠠᠰ ᠢ ᠦᠢᠯᠡᠳᠪᠦᠷᠢᠯᠡᠬᠦ᠂ ᠳᠡᠭᠡᠭᠡᠪᠦᠷᠢᠯᠡᠬᠦ᠂ ᠬᠡᠷᠡᠭᠯᠡᠬᠦ ᠪᠤᠶᠤ ᠳᠠᠷᠤᠯᠲᠠ  ᠬᠦᠷᠲᠡᠬᠦ ᠰᠠᠪᠠ ᠵᠡᠷᠭᠡ ᠭᠠᠵᠠᠷ ᠪᠠᠭᠲᠠᠨ᠎ᠠ᠃          ᠲᠤᠠᠠᠰᠢᠨ ᠬᠤᠤᠷ ᠤᠨ ᠰᠡᠷᠡᠮᠵᠢ ᠶᠢᠨ ᠳᠡᠮᠳᠡᠭ᠄ ᠠᠳᠠᠯᠢ ᠲᠠᠯᠠᠲᠦ ᠭᠤᠷᠪᠠᠯᠵᠢᠨ ᠤ ᠳᠦᠷᠰᠦ ᠶᠢᠨ ᠳᠤᠲᠤᠷ᠎ᠠ ᠨᠢ  ᠰᠤᠯᠪᠢᠴᠠᠭᠰᠠᠨ ᠬᠤᠶᠠᠷ ᠬᠦᠯ ᠤᠨ ᠶᠠᠰᠦ ᠪᠠᠷ ᠲᠤᠯᠵᠦ ᠪᠠᠶᠢᠭ᠎ᠠ ᠬᠤᠬᠢᠮᠠᠢ ᠲᠤᠯᠤᠭᠠᠢ ᠪᠠᠶᠢᠳᠠᠭ᠃ ᠡᠨ᠎ᠡ  ᠳᠡᠮᠳᠡᠭ ᠨᠢ ᠦᠷᠭᠡᠨ ᠤᠯᠠᠨ ᠳᠤ ᠲᠤᠰ ᠪᠤᠳᠠᠰ ᠪᠤᠯ ᠬᠤᠤᠷᠳᠡᠢ ᠪᠠᠶᠢᠳᠠᠭ᠂ ᠡᠨ᠎ᠡ ᠬᠦ ᠲᠦᠷᠦᠯ ᠤᠨ ᠪᠤᠳᠠᠰ ᠤᠷᠭᠠᠨᠢᠭ ᠪᠡᠶ᠎ᠡ ᠲᠤᠳᠤᠷ᠎ᠠ ᠤᠷᠤᠵᠦ ᠨᠢᠭᠡ ᠬᠡᠮᠵᠢᠶ᠎ᠡ ᠬᠦᠷᠲᠡᠯ᠎ᠡ ᠴᠤᠠᠠᠯᠠᠷᠬᠠᠰᠠᠭᠠᠷ᠂ ᠤᠷᠭᠠᠨᠢᠭ ᠪᠡᠶ᠎ᠡ ᠶᠢᠨ ᠬᠡᠪ ᠤᠨ  ᠮᠬᠠᠪᠤᠳ ᠤᠨ ᠠᠵᠢᠯᠯᠠᠭ᠎ᠠ ᠶᠢ ᠰᠠᠮᠠᠭᠤᠷᠠᠭᠤᠯᠬᠤ ᠪᠤᠶᠤ ᠡᠪᠳᠡᠯᠡᠵᠦ᠂ ᠵᠠᠷᠢᠮ ᠡᠷᠬᠡᠲᠡᠨ ᠪᠠ ᠰᠢᠠᠲ᠋ᠧᠮ ᠢ ᠲᠦᠷ ᠵᠠᠭᠤᠷ᠎ᠠ ᠶᠢᠨ ᠪᠤᠶᠤ ᠦᠷᠭᠦᠯᠵᠢᠯᠡᠯ ᠤᠨ ᠴᠢᠨᠡᠷᠳᠡᠢ ᠡᠪᠡᠳᠴᠢᠨ ᠤ ᠵᠦᠢ ᠶᠢᠨ ᠬᠤᠪᠢᠷᠠᠯᠲᠠ ᠡᠭᠦᠰᠭᠡᠨ᠂ ᠴᠢᠨ᠋ᠬᠠᠰᠢᠯᠠᠨ ᠠᠮᠢ ᠨᠠᠰᠦ ᠤ ᠠᠶᠤᠯ ᠲᠠᠢ ᠭᠡᠵᠦ ᠰᠡᠷᠡᠮᠵᠢᠯᠡᠭᠦᠯᠵᠦ ᠪᠤᠢ᠃ ᠶᠠᠮᠠᠷ ᠴᠦ ᠬᠠᠮᠠᠭᠠᠯᠠᠯ ᠤᠨ ᠠᠷᠭ᠎ᠠ ᠠᠪᠬᠤ ᠦᠭᠡᠢ ᠪᠠᠶᠢᠳᠡᠯ ᠳᠤ᠂ ᠡᠨᠡ ᠮᠡᠲᠦ ᠶᠢᠨ ᠲᠤᠠᠠᠰᠢᠨ ᠬᠤᠤᠷᠲᠦ ᠪᠤᠳᠠᠰ ᠤᠨ ᠳᠡᠮᠳᠡᠭ ᠨᠠᠭᠠᠵᠦ ᠪᠠᠶᠢᠭ᠎ᠠ ᠪᠤᠳᠠᠰ ᠲᠠᠢ  ᠦᠢᠷᠠᠳᠬᠤ ᠦᠭᠡᠢ ᠨᠢ ᠵᠤᠬᠢᠰᠳᠡᠢ᠃  ᠰᠠᠴᠤᠷᠠᠭ ᠤᠨ ᠰᠡᠷᠡᠮᠵᠢ ᠶᠢᠨ ᠳᠡᠮᠳᠡᠭ᠄ ᠠᠳᠠᠯᠢ ᠲᠠᠯᠠᠲᠦ ᠭᠤᠷᠪᠠᠯᠵᠢᠨ ᠤ ᠲᠤᠳᠤᠷᠠᠬᠢ ᠭᠤᠷᠪᠠᠨ ᠨᠠᠪᠴᠢᠨ ᠬᠡᠯᠪᠡᠷᠢᠲᠦ ᠢᠶᠤᠠᠵᠢᠯ ᠰᠠᠴᠤᠷᠠᠭ ᠤᠨ ᠳᠡᠮᠳᠡᠭ ᠨᠢ ᠦᠷᠭᠡᠨ ᠤᠯᠠᠨ ᠳᠤ ᠤᠷᠤᠰᠢᠬᠤ ᠪᠤᠯᠤᠯᠴᠠᠭ᠎ᠠ ᠪᠦᠬᠦᠢ ᠢᠶᠤᠠᠵᠢᠯ ᠰᠠᠴᠤᠷᠠᠭ ᠤᠨ ᠠᠶᠤᠯ ᠢ ᠠᠩᠬᠠᠷᠴᠦ᠂ ᠲᠤᠬᠠᠢ ᠶᠢᠨ ᠭᠠᠵᠠᠷ ᠠᠴᠠ ᠬᠤᠯᠠᠳᠴᠦ᠂ ᠠᠮᠤᠷ ᠲᠦᠪᠰᠢᠨ ᠪᠤᠰᠦ ᠤᠴᠢᠷ ᠡᠭᠦᠰᠬᠦ ᠠᠴᠠ ᠪᠤᠯᠭᠤᠮᠵᠢᠯᠠᠬᠤ ᠶᠢ ᠢᠳᠬᠠᠨ ᠰᠡᠷᠡᠮᠵᠢᠯᠡᠭᠦᠯᠳᠡᠭ᠃ ᠲᠤᠰ ᠳᠡᠮᠳᠡᠭ ᠨᠢ ᠪᠠᠰᠠ ᠰᠠᠴᠤᠷᠠᠮᠠᠬᠠᠢ ᠪᠤᠳᠠᠰ ᠤᠨ ᠭᠠᠳᠠᠨ᠎ᠠ ᠪᠤᠭᠤᠳᠡᠯ ᠳᠡᠭᠡᠷ᠎ᠡ᠂ ᠰᠠᠴᠤᠷᠠᠭ ᠲᠤᠨᠤᠭ ᠲᠦᠭᠦᠭᠡᠷᠦᠮᠵᠢ ᠳᠡᠭᠡᠷ᠎ᠡ ᠪᠠ  ᠢᠶᠤᠠᠵᠢᠯ ᠰᠠᠴᠤᠷᠠᠭ ᠪᠠᠶᠢᠬᠤ ᠠᠵᠢᠯ ᠤᠨ ᠤᠷᠤᠨ ᠪᠠᠶᠢᠷᠢ ᠳᠤ ᠪᠠᠶᠢᠳᠠᠭ᠃ ᠵᠠᠷᠢᠮ ᠪᠤᠳᠠᠰ ᠤᠨ ᠴᠦᠮ᠎ᠡ ᠶᠢᠨ  ᠡᠨᠧᠷᠬᠢ ᠶᠢᠨ ᠴᠢᠳᠡᠯ ᠨᠢ ᠪᠠᠭᠤᠷᠠᠵᠦ᠂ ᠨᠢᠳᠦᠨ ᠳᠤ ᠬᠠᠷᠬᠠᠳᠡᠵᠦ ᠰᠡᠷᠡᠭᠳᠡᠬᠦ ᠴᠦ ᠦᠭᠡᠢ᠂ ᠲᠤᠰᠬᠠᠢ ᠲᠤᠨᠤᠠᠠᠯᠠᠯ ᠢᠶᠠᠷ ᠰᠠᠶ᠋ᠢ ᠬᠠᠶᠢᠨ ᠬᠡᠮᠵᠢᠵᠦ ᠮᠡᠳᠡᠳᠡᠭ ᠰᠠᠴᠤᠷᠠᠭ ᠭᠠᠷᠭᠠᠳᠠᠭ᠃ ᠪᠤᠳᠠᠰ ᠤᠨ ᠡᠨ᠎ᠡ ᠬᠦ ᠴᠢᠨᠡᠷ ᠢ ᠰᠠᠴᠤᠷᠠᠮᠠᠬᠠᠢ ᠰᠢᠠᠵᠢ ᠭᠡᠳᠡᠭ᠃ ᠤᠯᠠᠨ ᠤᠯᠤᠰ ᠤᠨ ᠠᠲ᠋ᠤᠮ ᠤᠨ ᠴᠦᠮ᠎ᠡ ᠶᠢᠨ ᠪᠠᠶᠢᠭᠤᠯᠤᠮᠵᠢ ᠪᠠ ᠤᠯᠠᠨ ᠤᠯᠤᠰ ᠤᠨ ᠪᠠᠷᠢᠮᠵᠢᠶᠠᠵᠢᠯᠲᠠ ᠵᠤᠬᠢᠶᠠᠨ ᠪᠠᠶᠢᠭᠤᠯᠤᠯᠲᠠ ᠠᠴᠠ ᠶᠡᠷᠦ ᠶᠢᠨ ᠠᠷᠠᠳ ᠲᠤ ᠰᠠᠴᠤᠷᠠᠭ ᠤᠨ ᠠᠶᠤᠯ ᠤᠷᠤᠰᠢᠵᠦ ᠪᠠᠶᠢᠭ᠎ᠠ ᠶᠢ ᠨᠡᠩ ᠰᠢᠭᠤᠳ ᠢᠶᠠᠷ ᠮᠡᠳᠡᠭᠦᠯᠬᠦ ᠶᠢᠨ ᠲᠦᠯᠦᠭᠡ᠂ ᠰᠢᠨ᠎ᠡ ᠵᠦᠢᠯ ᠤᠨ ᠰᠠᠴᠤᠷᠠᠮᠠᠬᠠᠢ ᠪᠤᠳᠠᠰ ᠤᠨ ᠠᠶᠤᠯ ᠢ ᠰᠡᠷᠡᠮᠵᠢᠯᠡᠭᠦᠯᠬᠦ ᠳᠡᠮᠳᠡᠭ ᠢ ᠬᠡᠷᠡᠭᠯᠡᠬᠦ ᠪᠠᠷ ᠲᠤᠩᠬᠠᠠᠠᠯᠠᠪᠠ᠃ ᠰᠢᠨ᠎ᠡ ᠲᠡᠮᠳᠡᠭ ᠨᠢ ᠤᠯᠠᠭᠠᠨ ᠦᠩᠭᠡᠲᠦ ᠠᠷᠦ ᠦᠵᠡᠭᠳᠡᠯ ᠲᠠᠢ ᠭᠤᠷᠪᠠᠯᠵᠢᠨ ᠳᠡᠮᠳᠡᠭ᠂ ᠳᠡᠭᠡᠷ᠎ᠡ ᠨᠢ ᠭᠤᠷᠪᠠᠨ ᠬᠠᠷ᠎ᠠ ᠦᠩᠭᠡᠲᠦ ᠴᠠᠭᠠᠨ  ᠬᠦᠪᠡᠭᠡᠲᠦ ᠵᠢᠷᠤᠭ ᠪᠤᠢ᠃ ᠬᠠᠮᠤᠭ ᠳᠡᠭᠡᠷ᠎ᠡ ᠨᠢ ᠢᠶᠤᠠᠲᠦ ᠰᠠᠴᠤᠷᠠᠭ ᠢ ᠵᠢᠭᠠᠬᠤ ᠵᠢᠷᠤᠭ᠂ ᠵᠡᠭᠦᠨ ᠳᠤᠤᠷ᠎ᠠ  ᠦᠠᠴᠦᠭ ᠨᠢ ᠬᠦᠮᠦᠨ ᠤ ᠬᠤᠬᠢᠮᠠᠢ ᠲᠤᠯᠤᠭᠠᠢ᠂ ᠪᠠᠷᠠᠭᠤᠨ ᠳᠤᠤᠷ᠎ᠠ ᠦᠠᠴᠦᠭ ᠨᠢ ᠨᠢᠭᠡᠨ ᠬᠦᠮᠦᠨ ᠰᠤᠮᠤᠨ  ᠦᠵᠦᠭᠦᠷ ᠢ ᠳᠠᠭᠠᠵᠦ ᠲᠤᠲᠠᠭᠠᠵᠦ ᠪᠠᠶᠢᠭ᠎ᠠ ᠵᠢᠷᠤᠭ᠃ ᠰᠢᠨ᠎ᠡ ᠳᠡᠮᠳᠡᠭ ᠨᠢ ᠬᠠᠭᠤᠴᠢᠨ ᠳᠡᠮᠳᠡᠭ ᠲᠤ ᠨᠦᠬᠦᠪᠦᠷᠢᠯᠡᠯ  ᠬᠢᠪᠡ᠃           ᠠᠮᠢᠲᠦ ᠪᠤᠳᠠᠰ ᠤᠨ ᠠᠮᠤᠷ ᠲᠦᠪᠰᠢᠨ ᠤ ᠰᠡᠷᠡᠮᠵᠢ ᠶᠢᠨ ᠳᠡᠮᠳᠡᠭ᠄ ᠠᠳᠠᠯᠢ ᠲᠠᠯᠠᠲᠦ ᠭᠤᠷᠪᠠᠯᠵᠢᠨ ᠤ ᠲᠤᠳᠤᠭᠠᠲᠦ ᠬᠡᠰᠡᠭ ᠲᠤ ᠳᠠᠪᠬᠤᠴᠠᠨ ᠰᠤᠯᠪᠢᠴᠬᠠᠰᠠᠨ ᠬᠠᠷ᠎ᠠ ᠦᠩᠭᠡᠲᠦ ᠭᠤᠷᠪᠠᠨ ᠴᠠᠭᠠᠷᠢᠭ ᠨᠢ ᠲᠤᠰ ᠤᠷᠤᠨ  ᠪᠤᠶᠤ ᠲᠤᠰ ᠪᠤᠳᠠᠰ ᠲᠤ ᠠᠮᠢᠲᠦ ᠪᠤᠳᠠᠰ ᠤᠨ ᠪᠤᠳᠠᠰ ︵ᠡᠪᠡᠳᠴᠢᠨ ᠡᠭᠦᠰᠭᠡᠬᠦ ᠮᠢᠺᠷᠤᠪ︶᠂ ᠪᠠᠺᠲ᠋ᠧᠷᠢ ᠵᠡᠷᠭᠡ︶ ᠤᠨ ᠬᠦᠮᠦᠨ ᠲᠦᠷᠦᠯᠬᠢᠲᠡᠨ ᠵᠢᠴᠢ ᠤᠷᠴᠢᠨ ᠲᠤᠭᠤᠷᠢᠨ ᠳᠤ ᠠᠶᠤᠯ ᠠᠪᠴᠢᠷᠠᠬᠤ ᠶᠢ ᠰᠡᠷᠡᠮᠵᠢᠯᠡᠭᠦᠯᠦᠨ᠎ᠡ᠃ ᠵᠢᠱᠢᠶᠡᠯᠡᠪᠡᠯ᠄ ᠠᠷᠢᠭᠤᠳᠬᠠᠭᠰᠠᠨ ᠦᠭᠡᠢ ᠬᠠᠯᠳᠠᠪᠤᠷᠢᠯᠠᠬᠤ ᠴᠢᠨᠡᠷᠳᠡᠢ ᠬᠠᠶ᠋ᠬᠠᠳᠡᠯ ᠤᠨ ᠰᠠᠪᠠ᠂ ᠠᠶᠤᠯᠲᠦ ᠠᠮᠢᠳᠦ  ᠪᠤᠳᠠᠰ ᠤᠨ ᠦᠢᠯᠡᠳᠭᠦᠨ ᠢ ᠬᠢᠳᠡᠭ ᠰᠠᠪᠠ ᠪᠤᠶᠤ ᠲᠡᠭᠦᠨ ᠳᠤ ᠪᠤᠬᠢᠷᠳᠤᠠᠠᠰᠠᠨ ᠠᠶᠤᠯ ᠲᠦᠭᠰᠢᠭᠦᠷᠢᠲᠦ ᠬᠠᠶ᠋ᠬᠠᠳᠡᠮᠡᠯ ᠬᠢᠳᠡᠭ ᠰᠠᠪᠠ᠂ ᠴᠢᠰᠦ ᠬᠠᠳᠠᠭᠠᠯᠠᠳᠠᠭ ᠪᠠ ᠪᠤᠰᠤᠳ ᠨᠢᠭᠤᠠᠳᠡᠮᠡᠯ ᠬᠠᠯᠳᠠᠪᠤᠷᠢᠲᠦ ᠴᠢᠨᠠᠷᠳᠡᠢ ᠪᠤᠳᠠᠰ ᠵᠢᠴᠢ ᠠᠮᠢᠳᠦ  ᠪᠤᠳᠠᠰ ᠤᠨ ᠠᠶᠤᠯᠲᠦ ᠪᠤᠳᠠᠰ ᠢ ᠠᠵᠢᠯᠯᠠᠭᠤᠯᠳᠠᠭ 2 ᠳᠡᠰ ᠠᠴᠠ ᠳᠡᠭᠡᠭᠰᠢᠬᠢ ᠠᠮᠢᠳᠦ ᠪᠤᠳᠠᠰ ᠤᠨ ᠬᠠᠮᠠᠭᠠᠯᠠᠯᠲᠠ ᠶᠢᠨ ᠠᠶᠤᠯ ᠦᠭᠡᠢ ᠲᠤᠷᠰᠢᠯᠲᠠ ᠶᠢᠨ ᠳᠠᠰᠤᠭ ᠤᠨ ᠡᠭᠦᠳᠡᠨ ᠳᠤ ᠪᠦᠷ ᠡᠨᠡ ᠳᠡᠮᠳᠡᠭ ᠢ ᠨᠠᠭᠠᠳᠠᠭ᠃ ᠤᠴᠢᠷ ᠨᠢ ᠡᠳᠡᠭᠡᠷ ᠭᠠᠵᠠᠷ ᠤᠷᠤᠨ ᠪᠠ ᠪᠤᠳᠠᠰ ᠨᠢ ᠰᠢᠭᠤᠳ ᠬᠠᠯᠳᠠᠪᠤᠷᠢᠯᠬᠤ ᠪᠤᠶᠤ ᠦᠢᠷᠠᠯᠴᠠᠭᠠᠬᠢ ᠤᠷᠴᠢᠨ ᠲᠤᠭᠤᠷᠢᠨ ᠢ ᠡᠪᠳᠡᠬᠦ ᠪᠠᠷ ᠳᠠᠮᠵᠢᠨ᠂ ᠳᠡᠮ ᠢᠶᠠᠷ ᠬᠦᠮᠦᠨ᠂ ᠠᠮᠢᠲᠠᠨ ᠪᠠ ᠤᠷᠭᠤᠮᠡᠯ ᠤᠨ ᠬᠡᠪ ᠤᠨ ᠪᠦᠢᠵᠢᠯᠲᠠ ᠶᠢ  ᠬᠤᠬᠢᠷᠠᠭᠤᠯᠤᠨ᠎ᠠ᠃            
ᠢᠷᠡᠯᠲᠡ᠄ ᠡᠷᠡᠭᠦᠯ ᠮᠡᠨᠳᠦ ᠶᠢᠨ ᠶᠡᠷᠦ ᠶᠢᠨ ᠮᠡᠳᠡᠯᠭᠡ