ᠱᠠᠭ᠎ᠠ ᠶᠢᠨ ᠴᠡᠬᠡᠷ ᠶᠣᠰᠤᠨ
ᠨᠡᠶᠢᠲᠡᠯᠡᠭᠰᠡᠨ ᠴᠠᠭ᠄
2022/4/27
    ᠨᠢᠬᠡ᠂ ᠬᠤᠨᠢ᠂ ᠢᠮᠠᠭ᠎ᠠ᠂ ᠠᠳᠤᠭᠤ᠂ ᠦᠬᠡᠷ᠂ ᠲᠡᠮᠡᠭᠡ᠂ ᠵᠡᠭᠡᠷ᠎ᠡ᠂ ᠬᠦᠷᠦᠬᠡᠰ᠊᠂ ᠠᠷᠭᠠᠯᠢ᠂ ᠶᠠᠩᠭᠢᠷ᠂ ᠪᠤᠭᠤ ᠶᠢᠨ ᠱᠠᠭ᠎ᠠ ᠶᠢ ᠭᠠᠯ ᠳᠤ ᠰᠢᠳᠠᠭᠠᠬᠤ ᠶᠢ ᠴᠡᠭᠡᠷᠯᠡᠨ᠎ᠡ᠃    ᠬᠤᠶᠠᠷ᠂ ᠲᠠᠪᠤᠨ ᠬᠤᠰᠢᠭᠤ ᠮᠠᠯ ᠤᠨ ᠱᠠᠭ᠎ᠠ ᠶᠢ ᠨᠤᠬᠠᠢ ᠠᠩ ᠠᠮᠢᠳᠠᠨ ᠳᠤ ᠦᠭᠬᠦ ᠶᠢ ᠣᠨᠴᠠ ᠴᠡᠭᠡᠷᠯᠡᠨ᠎ᠡ᠃ ᠪᠤᠶᠠᠨ ᠬᠡᠰᠢᠭ ᠬᠠᠵᠠᠶᠢᠨ᠎ᠠ ᠬᠡᠳᠡᠭ᠃    ᠭᠤᠷᠪᠠ᠂ ᠮᠠᠯ ᠤᠨ ᠱᠠᠭ᠎ᠠ᠂ ᠵᠡᠬᠡᠷ᠎ᠡ ᠠᠷᠢᠶᠠᠳᠠᠨ ᠳᠤ ᠱᠠᠭ᠎ᠠ ᠶᠢ ᠨᠡᠬᠦᠬᠦ ᠨᠤᠳᠤᠭ ᠲᠡᠭᠡᠷ᠎ᠡ ᠪᠠᠨ ᠤᠷᠬᠢᠵᠤ ᠬᠡᠬᠡᠬᠦ ᠶᠢ ᠴᠡᠬᠡᠷᠯᠡᠨ᠎ᠡ᠃ ᠭᠠᠢ ᠪᠠᠷᠴᠢᠳ ᠲᠤᠬᠢᠶᠠᠯᠳᠤᠨ᠎ᠠ ᠬᠡᠳᠡᠭ᠃    ᠲᠦᠷᠪᠡ᠂ ᠨᠠᠰᠤ ᠪᠠᠷᠠᠭᠰᠠᠨ ᠠᠶᠢᠯ ᠤᠨ ᠬᠦᠮᠦᠰ ᠲᠦᠷᠦᠯ ᠰᠠᠳᠤᠨ ᠨᠢ ︿︿  ᠵᠠᠭᠤ ᠬᠤᠨᠤᠭ ᠢᠶᠠᠨ ᠬᠤᠷᠢᠶᠠᠬᠤ﹀﹀ ᠠᠴᠠ ᠡᠮᠦᠨ᠎ᠡ ᠱᠠᠭ᠎ᠠ ᠨᠠᠭᠠᠳᠤᠮ ᠳᠤ ᠤᠷᠤᠯᠴᠠᠬᠤ ᠶᠢ ᠴᠡᠬᠡᠷᠯᠡᠨ᠎ᠡ᠃    ᠲᠠᠪᠤ᠂ ᠬᠡᠦᠬᠡᠳ ᠤᠳ ᠢ ᠦᠬᠡᠷ ᠤᠨ ᠱᠠᠭ᠎ᠠ ᠪᠠᠷ ᠪᠦᠭ ᠴᠢᠭ ᠬᠠᠷᠪᠤᠵᠤ ᠨᠠᠭᠠᠳᠬᠤ ᠶᠢ ᠴᠡᠭᠡᠷᠯᠡᠨ᠎ᠡ᠂  ᠲᠡᠨᠡᠭ ᠪᠤᠯᠤᠨ᠎ᠠ ᠬᠡᠳᠡᠭ᠃    ᠵᠢᠷᠭᠤᠭ᠎ᠠ᠂ ᠬᠠᠪᠤᠷ ᠤᠨ ᠲᠦᠯ ᠲᠤᠰᠴᠤ ᠪᠠᠶᠢᠬᠤ ᠤᠯᠠᠷᠢᠯ ᠳᠤ ᠬᠡᠦᠬᠡᠳ ᠤᠳ ᠱᠠᠭ᠎ᠠ ᠨᠠᠭᠠᠳᠬᠤ ᠶᠢ ᠴᠡᠬᠡᠷᠯᠡᠨ᠎ᠡ᠂ ᠲᠦᠯ ᠮᠠᠶᠢᠬᠢ ᠪᠤᠯᠤᠨ᠎ᠠ ᠬᠡᠳᠡᠭ᠃    ᠲᠣᠯᠤᠭ᠎ᠠ᠂ ᠵᠣᠨ ᠤ ᠪᠤᠷᠤᠭᠠᠨ ᠲᠠᠢ ᠡᠳᠦᠷ ᠱᠠᠭ᠎ᠠ ᠨᠠᠭᠠᠳᠬᠤ ᠶᠢ ᠴᠡᠬᠡᠷᠯᠡᠨ᠎ᠡ᠂ ᠲᠡᠭᠷᠢ ᠲᠤᠤᠭᠠᠷᠴᠤ ᠠᠶᠤᠩᠭ᠎ᠠ ᠪᠠᠭᠤᠨ᠎ᠠ ᠬᠡᠳᠡᠭ    ᠨᠠᠢᠮᠠ᠂ ᠰᠦᠨᠢᠳ ᠨᠤᠳᠤᠭ ᠤ ᠱᠠᠭ᠎ᠠ ᠨᠠᠭᠠᠳᠬᠤ ᠳᠠᠭᠠᠨ ᠢᠵᠢᠯᠢ ᠮᠤᠷᠢ ᠪᠤᠰᠪᠠᠯ ᠬᠤᠭᠤᠷᠤᠨᠳᠤ ᠨᠢ ᠨᠢᠰᠯᠡᠵᠦ ᠬᠠᠷᠪᠤᠬᠤ ᠶᠢ ᠤᠨᠴᠠ ᠴᠡᠬᠡᠷᠯᠡᠨ᠎ᠡ᠂ ᠵᠠᠶᠠᠭ᠎ᠠ ᠬᠡᠶᠢᠮᠦᠷᠢ ᠬᠡᠪᠳᠡᠨ᠎ᠡ ᠬᠡᠳᠡᠭ᠃    ᠶᠢᠰᠦ᠂ ᠶᠠᠰᠤ ᠪᠡᠷᠳᠡᠭᠰᠡᠨ ᠬᠦᠮᠦᠨ ᠡᠳᠡᠭᠡᠷᠡᠬᠦ ᠠᠴᠠ ᠡᠮᠦᠨ᠎ᠡ ᠱᠠᠭ᠎ᠠ ᠨᠠᠭᠠᠳᠬᠤ ᠶᠢ ᠴᠡᠭᠡᠷᠯᠡᠨ᠎ᠡ᠂ ᠶᠠᠰᠤᠨ ᠤ ᠡᠳᠡᠬᠡᠷᠡᠯᠳᠡ ᠳᠤ ᠮᠠᠭᠤ ᠬᠡᠳᠡᠭ᠃    ᠠᠷᠪᠠ᠂ ᠴᠢᠨ᠋ᠸ᠎ᠡ ᠢᠳᠡᠭᠰᠡᠨ ᠮᠠᠯ ᠤᠨ ᠱᠠᠭ᠎ᠠ ᠶᠢ ᠲᠡᠭᠷᠢ ᠶᠢᠨ ᠨᠤᠬᠠᠢ ᠶᠢᠨ ᠬᠡᠰᠢᠭ ᠬᠡᠵᠦ ᠠᠪᠴᠤ ᠬᠠᠳᠠᠭᠠᠯᠠᠬᠤ ᠠᠴᠠ ᠪᠢᠰᠢ᠂ ᠨᠠᠭᠠᠳᠤᠮ ᠲᠤᠭᠯᠠᠭᠠᠮ ᠳᠤ ᠬᠡᠷᠡᠭᠯᠡᠬᠦ ᠶᠢ ᠴᠡᠬᠡᠷᠯᠡᠨ᠎ᠡ᠃    ᠠᠷᠪᠠᠨ ᠨᠢᠬᠡ᠂ ᠰᠡᠳᠡᠷ ᠲᠠᠢ ᠮᠠᠯ᠂ ᠲᠠᠷᠬᠠᠯᠠᠭᠰᠠᠨ ᠮᠠᠯ ᠦᠬᠦᠪᠡᠯ᠂ ᠱᠠᠭ᠎ᠠ ᠶᠢ ᠠᠪᠴᠤ ᠬᠠᠳᠠᠭ ᠲᠤ ᠪᠤᠭᠤᠵᠤ ᠬᠠᠳᠠᠭᠠᠯᠠᠨ᠎ᠠ᠂ ᠨᠠᠭᠠᠳᠤᠮ ᠲᠤᠭᠯᠠᠭᠠᠮ ᠳᠤ ᠬᠡᠷᠡᠭᠯᠡᠬᠦ ᠶᠢ ᠴᠡᠬᠡᠷᠯᠡᠨ᠎ᠡ᠃    ᠠᠷᠪᠠᠨ ᠬᠤᠶᠠᠷ᠂ ᠬᠡᠦᠬᠡᠳ ᠭᠤᠷᠪᠠᠨ ᠬᠤᠨᠤᠭ ᠵᠠᠯᠭᠠᠪᠠᠷ ᠤᠬᠢᠯᠠᠪᠠᠯ ᠱᠠᠭᠠᠶᠢᠳᠤ ᠴᠢᠮᠦᠬᠡ ᠶᠢᠨ ᠱᠠᠭ᠎ᠠ ᠶᠢ ᠠᠪᠴᠤ ᠬᠠᠳᠠᠭ ᠲᠤ ᠪᠤᠭᠤᠵᠤ ᠬᠠᠳᠠᠭᠠᠯᠠᠬᠤ ᠪᠤᠶᠤ ᠬᠡᠦᠬᠡᠳ ᠤᠨ ᠨᠠᠭᠠᠳᠤᠮ ᠳᠤᠨᠢ ᠵᠡᠬᠦᠳᠡᠭ᠂ ᠨᠠᠭᠠᠳᠤᠮ ᠳᠤ ᠬᠡᠷᠡᠭᠯᠡᠬᠦ ᠶᠢ ᠴᠡᠬᠡᠷᠯᠡᠨ᠎ᠡ᠃    ᠠᠷᠪᠠᠨ ᠭᠤᠷᠪᠠ᠂ ᠬᠤᠷᠢᠮ ᠤᠨ ᠪᠦᠬᠦᠯᠢ ᠰᠢᠬᠦᠰᠦᠨ ᠤ ᠱᠠᠭᠠᠶᠢᠳᠤ ᠴᠢᠮᠦᠬᠡ ᠶᠢᠨ ᠱᠠᠭ᠎ᠠ ᠶᠢ ᠠᠪᠴᠤ ᠬᠠᠳᠠᠭ ᠲᠤ ᠪᠤᠭᠤᠵᠤ ᠲᠡᠷ᠎ᠡ ᠲᠤᠤᠷ᠎ᠠ ᠬᠢᠳᠡᠭ ᠪᠦᠬᠡᠳ ᠰᠠᠶᠢᠬᠠᠨ ᠬᠠᠳᠠᠭᠠᠯᠠᠳᠠᠭ᠂ ᠨᠠᠭᠠᠳᠤᠮ ᠲᠤᠭᠯᠠᠭᠠᠮ ᠳᠤ ᠬᠡᠷᠡᠭᠯᠡᠬᠦ ᠶᠢ ᠴᠡᠬᠡᠷᠯᠡᠨ᠎ᠡ᠃    ᠠᠷᠪᠠᠨ ᠲᠦᠷᠪᠡ ᠂ ᠮᠡᠷᠭᠡ ᠲᠦᠯᠬᠡ ᠲᠠᠯᠪᠢᠳᠠᠭ ᠱᠠᠭ᠎ᠠ ᠶᠢ ᠨᠠᠭᠠᠳᠤᠮ ᠲᠤᠭᠯᠠᠭᠠᠮ ᠳᠤ ᠬᠡᠷᠡᠭᠯᠡᠬᠦ ᠶᠢ ᠴᠡᠬᠡᠷᠯᠡᠨ᠎ᠡ᠂ ᠮᠡᠷᠭᠡ ᠲᠦᠯᠬᠡ ᠲᠦᠬᠡᠷᠢᠨ᠎ᠡ ᠬᠡᠳᠡᠭ᠃    ᠠᠷᠪᠠᠨ ᠲᠠᠪᠤ᠂  ᠬᠤᠷᠠᠭ᠎ᠠ ᠢᠰᠢᠬᠡ ︵ᠲᠦᠯ ᠮᠠᠯ ᠤᠨ ᠱᠠᠭ᠎ᠠ︶  ᠶᠢᠨ ᠱᠠᠭ᠎ᠠ ᠪᠠᠷ ᠨᠠᠭᠠᠳᠬᠤ ᠶᠢ ᠴᠡᠭᠡᠷᠯᠡᠨ᠎ᠡ᠂ ᠡᠬᠡ ᠮᠠᠯ ᠤᠨ ᠲᠡᠯᠡᠩ ᠬᠦᠬᠦ ᠡᠪᠡᠳᠦᠨ᠎ᠡ ᠬᠡᠳᠡᠭ᠃    ᠠᠷᠪᠠᠨ ᠵᠢᠷᠭᠤᠭ᠎ᠠ᠂ ᠱᠠᠭ᠎ᠠ ᠶᠢ ᠵᠠᠰᠠᠵᠤ ᠴᠡᠪᠡᠷᠯᠡᠬᠦ ᠳᠡᠭᠡᠨ ᠮᠦᠯᠵᠢᠬᠦ ᠬᠡᠵᠦ ᠬᠡᠯᠡᠬᠦ ᠶᠢ ᠴᠡᠭᠡᠷᠯᠡᠨ᠎ᠡ᠂ ᠬᠠᠷᠢᠨ ᠱᠠᠭ᠎ᠠ ᠵᠠᠰᠠᠬᠤ ᠬᠡᠵᠦ ᠬᠡᠯᠡᠳᠡᠭ᠃
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ