ᠮᠠᠯ ᠵᠢᠬᠦᠷᠳᠠᠨ ᠳᠤ ᠴᠠᠶᠢᠷ ᠪᠤᠯᠤᠨ ᠬᠦᠬᠦᠷ ᠲᠤᠳᠠᠭᠳᠠᠵᠤ ᠪᠤᠯᠬᠤ ᠦᠬᠡᠢ
ᠨᠡᠶᠢᠲᠡᠯᠡᠭᠰᠡᠨ ᠴᠠᠭ᠄
2022/4/27
     ᠴᠠᠶᠢᠷ ᠪᠤᠯᠤᠨ ᠬᠦᠬᠦᠷ ᠪᠤᠯ ᠮᠠᠯ ᠵᠢᠬᠦᠷᠳᠠᠨ ᠤ ᠦᠰᠤᠯᠳᠠ ᠪᠤᠶᠢᠵᠢᠯᠳᠠ ᠳᠤ ᠲᠤᠳᠠᠭᠳᠠᠵᠤ ᠪᠤᠯᠤᠰᠢ ᠦᠬᠡᠢ ᠴᠢᠬᠤᠯᠨ ᠡᠯᠧᠮᠧᠨ᠋ᠲ ᠪᠤᠯᠬᠤᠷ ᠮᠠᠯ ᠵᠢᠬᠦᠷᠳᠠᠨ ᠤ ᠲᠠᠵᠢᠬᠡᠯ ᠲᠤᠳᠤᠷ᠎ᠠ ᠲᠤᠳᠠᠭᠳᠠᠬᠤ ᠪᠤᠶᠤ ᠡᠰᠠᠬᠦᠯ᠎ᠠ ᠲᠡᠵᠢᠬᠡᠯ ᠲᠤᠳᠤᠷᠠᠬᠢ ᠴᠠᠶᠢᠷ ᠢ ᠮᠠᠯ ᠵᠢᠬᠦᠷᠳᠠᠨ ᠪᠠᠶ᠎ᠠ ᠳᠡᠭᠡᠨ ᠰᠢᠩᠬᠡᠬᠡᠬᠦ ᠨᠢ ᠰᠠᠶᠢᠨ ᠪᠢᠰᠢ ᠪᠤᠯᠪᠠᠯ ᠮᠠᠯ ᠵᠢᠬᠦᠷᠳᠠᠨ ᠳᠤ ᠴᠠᠶᠢᠷ ᠲᠤᠳᠠᠭᠳᠠᠬᠤ ᠬᠡᠮ ᠡᠬᠦᠰᠴᠤ᠂ ᠡᠴᠠᠵᠤ ᠲᠤᠷᠠᠬᠤ᠂ ᠠᠷᠠᠰᠤ ᠨᠢ ᠨᠢᠮᠬᠡᠷᠠᠨ ᠴᠤᠭᠤᠷᠠᠬᠤ᠂ ᠦᠷᠠᠵᠢᠯ ᠤᠨ ᠴᠢᠳᠠᠪᠤᠷᠢ ᠮᠠᠭᠤᠳᠠᠬᠤ ᠵᠡᠷᠬᠡ ᠢᠯᠠᠷᠠᠯ ᠭᠠᠷᠴᠤ᠂ ᠮᠠᠯ ᠵᠢᠬᠦᠷᠳᠠᠨ ᠤ ᠦᠰᠦᠯᠳᠠ ᠪᠤᠶᠢᠵᠢᠯᠳᠠ ᠶᠢ ᠨᠦᠯᠦᠬᠡᠯᠡᠬᠦ ᠪᠤᠯᠤᠨ᠎ᠠ᠃ ᠲᠠᠶᠢᠮᠤ ᠠᠴᠠ᠂ ᠴᠠᠶᠢᠷ ᠲᠤᠳᠠᠭᠳᠠᠭᠰᠠᠨ ᠮᠠᠯ ᠵᠢᠬᠦᠷᠳᠠᠨ ᠤ ᠲᠡᠵᠢᠬᠡᠯ ᠲᠤᠳᠤᠷ᠎ᠠ ᠡᠷᠬᠡᠪᠰᠢ ᠵᠤᠬᠢᠬᠤ ᠬᠡᠮᠵᠢᠶᠠᠨ ᠤ ᠴᠠᠶᠢᠷ ᠨᠦᠬᠦᠪᠤᠷᠢᠯᠡᠬᠦ ᠬᠡᠷᠡᠭᠳᠠᠢ᠃            ᠨᠦᠬᠦᠪᠤᠷᠢᠯᠡᠬᠦ ᠠᠷᠭ᠎ᠠ ᠨᠢ᠄  ᠬᠦᠬᠦᠷ ᠬᠦᠴᠢᠯ ᠤᠨ ᠴᠠᠶᠢᠷ ᠪᠤᠶᠤ ᠨᠠᠬᠦᠷᠠᠰᠤᠬᠦ᠋ᠴᠢᠯ ᠤᠨ ᠴᠠᠶᠢᠷ ᠢ ᠲᠡᠵᠢᠬᠡᠯ ᠲᠤᠳᠤᠷ᠎ᠠ ᠬᠤᠯᠢᠵᠤ ᠦᠭᠬᠦᠨ᠎ᠠ᠃      ᠨᠦᠬᠦᠪᠤᠷᠢᠯᠡᠬᠦ ᠬᠡᠮᠵᠢᠶ᠎ᠠ ᠨᠢ᠄ ᠶᠠᠷᠦᠳᠡᠬᠡᠨ ᠺᠢᠯᠦᠭᠷᠡᠮ ᠪᠦᠷᠢ ᠲᠡᠵᠢᠬᠡᠯ ᠳᠤ ᠬᠤᠯᠢᠬᠤ ᠬᠦᠬᠦᠷ ᠬᠦᠴᠢᠯ ᠤᠨ ᠴᠠᠶᠢᠷ ᠪᠤᠶᠤ ᠨᠠᠬᠦᠷᠠᠰᠤᠬᠦ᠋ᠴᠢᠯ ᠤᠨ ᠴᠠᠶᠢᠷ ᠤᠨ ᠬᠡᠮᠵᠢᠶ᠎ᠠ ᠨᠢ ᠬᠤᠴᠨ ᠳᠤ 30 - 50 ᠮᠢᠯᠢᠭᠷᠡᠮ᠂ ᠲᠤᠭᠤᠯ ᠳᠤ 30 - 60 ᠮᠢᠯᠢᠭᠷᠡᠮ᠂ ᠪᠦᠳᠤᠬᠦᠨ ᠦᠬᠡᠷ ᠪᠠ ᠲᠠᠷᠭᠤᠯᠠᠭᠤᠯᠬᠤ  ᠦᠬᠡᠷ ᠲᠤ 90 ᠮᠢᠯᠢᠭᠷᠡᠮ᠂ ᠲᠠᠷᠭᠤᠯᠠᠭᠤᠯᠬᠤ ᠲᠤᠭᠤᠯ ᠳᠤ 100 ᠮᠢᠯᠢᠭᠷᠡᠮ᠂ ᠬᠤᠨᠢᠨ ᠳᠤ 30 ᠮᠢᠯᠢᠭᠷᠡᠮ᠂ ᠵᠢᠬᠦᠷᠳᠠᠨ ᠳᠤ 50-100 ᠮᠢᠯᠢᠭᠷᠡᠮ ᠬᠤᠯᠢᠵᠤ ᠦᠭᠬᠦᠨ᠎ᠠ᠃ ᠬᠡᠷᠪᠡ ᠮᠠᠯ ᠵᠢᠬᠦᠷᠳᠠᠨ ᠳᠤ ᠨᠢᠬᠡᠨᠳᠠ ᠴᠠᠶᠢᠷ ᠲᠤᠳᠠᠭᠳᠠᠬᠰᠠᠨ ᠬᠡᠮ ᠪᠠᠶᠢᠳᠠᠯ ᠢᠯᠡᠷᠡᠭᠰᠡᠨ ᠪᠠᠶᠢᠪᠠᠯ ᠬᠤᠯᠢᠵᠤ ᠦᠭᠬᠦ ᠬᠡᠮᠵᠢᠶ᠎ᠠ ᠪᠠᠨ 0.5-1 ᠲᠡᠬᠢᠨ ᠢᠶᠠᠷ ᠨᠡᠮᠡᠭᠳᠡᠬᠦᠯᠵᠤ ᠪᠤᠯᠤᠨ᠎ᠠ᠃ ᠪᠠᠰᠨ ᠮᠠᠯ ᠵᠢᠬᠦᠷᠳᠠᠨ ᠤ ᠺᠠᠯᠼ ᠪᠤᠯᠤᠨ ᠴᠠᠶᠢᠷ ᠢ ᠢᠳᠡᠰᠢᠯᠡᠬᠦ ᠬᠡᠮᠵᠢᠶ᠎ᠠ ᠶᠢ ᠲᠠᠭᠠᠷᠠᠭᠤᠯᠵᠤ᠂ ᠲᠡᠵᠢᠬᠡᠯ ᠲᠤᠳᠤᠷᠡᠬᠢ ᠺᠠᠯᠼ ᠤᠨ ᠠᠭᠤᠯᠤᠭᠳᠠᠴᠨ ᠶᠢ 0.65-0.75% ᠤᠨ ᠬᠢᠷᠢ ᠬᠡᠮᠵᠢᠶᠠᠨ ᠳᠤ ᠪᠠᠶᠢᠯᠭᠠᠪᠡᠯ ᠰᠠᠶ᠋ᠢ ᠮᠠᠯ ᠵᠢᠬᠦᠷᠳᠠᠨ ᠳᠤ ᠴᠠᠶᠢᠷ ᠨᠦᠬᠦᠪᠤᠷᠢᠯᠡᠵᠤ ᠴᠢᠳᠠᠨ᠎ᠠ᠃                                            
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ