ᠦᠩᠭᠡᠷᠡᠭᠰᠡᠨ ᠠᠴᠠ ᠡᠳᠦᠬᠡ ᠪᠤᠯᠳᠠᠯ᠎ᠠ ᠳᠠᠷᠢᠬᠢ ᠳᠤᠷᠬᠢᠭᠰᠠᠨ ᠬᠡᠮ ᠢ ᠬᠠᠩᠭᠠᠮᠵᠢᠳᠠᠢ ᠵᠠᠰᠠᠬᠤ ᠴᠤᠷ ᠤᠨ ᠭᠠᠭᠴᠠ ᠠᠷᠭ᠎ᠠ ᠪᠤᠯ ᠮᠤᠩᠭᠤᠯ ᠦᠨᠳᠦᠰᠦᠳᠡᠨ ᠤ | ᠠᠨᠠᠭᠠᠬᠤ ᠤᠬᠠᠭᠠᠨᠳᠠᠨ ᠠᠴᠠ ᠤᠯᠠᠮᠵᠢᠯᠠᠭᠳᠠᠵᠦ ᠢᠷᠡᠭᠰᠡᠨ ᠳᠠᠷᠢᠬᠢ ᠳᠤᠮᠨᠤᠬᠤ ᠵᠠᠰᠠᠯ ᠪᠤᠯᠤᠨ᠎ᠠ᠃ ᠳᠠᠷᠢᠬᠢ ᠤᠨᠠᠭᠰᠠᠨ ᠢ ᠵᠠᠰᠠᠬᠤ ᠳᠤ᠂ ᠳᠤᠷᠬᠢᠵᠦ ᠬᠡᠮᠳᠦᠭᠰᠡᠨ ᠢ | ᠳᠤᠷᠬᠢᠯᠠᠭᠤᠯᠵᠤ ᠵᠠᠰᠠᠬᠤ ᠠᠷᠭ᠎ᠠ ᠶᠢ ᠬᠡᠷᠡᠭᠯᠡᠨ᠎ᠠ᠃ ᠬᠡᠬᠦ ᠳᠡᠭᠡᠨ ᠡᠪᠡᠳᠴᠢᠨ ᠤ ᠬᠦᠨᠳᠦ ᠬᠦᠩᠭᠡᠨ ᠬᠠᠯᠠᠭᠤᠨ ᠬᠦᠢᠳᠡᠨ ᠢ ᠦᠨᠳᠦᠰᠦᠯᠡᠨ ᠳᠤᠮᠨᠤᠬᠤ ᠪᠠ ᠶᠡᠷᠤᠨᠳᠡᠭ | ᠬᠤᠶᠠᠷ ᠢ ᠳᠤᠬᠢᠷᠠᠭᠤᠯᠤᠨ ᠵᠠᠰᠠᠨ᠎ᠠ᠃ ᠳᠤᠮᠨᠤᠬᠤ ᠵᠠᠰᠠᠯ ᠨᠢ᠄ ᠳᠠᠷᠤᠢ ᠬᠦᠩᠭᠡᠨ ᠬᠡᠮᠳᠦᠭᠰᠡᠨ ᠡᠪᠡᠳᠴᠢᠳᠡᠨ ᠢ ᠰᠠᠭᠤᠯᠭᠠᠵᠦ ᠪᠠᠶᠢᠭᠠᠳ ᠳᠤᠯᠤᠭᠠᠢ ᠶᠢᠨ ᠳᠦᠷᠪᠡᠨ | ᠳᠠᠯ᠎ᠠ ᠪᠠ ᠤᠷᠤᠢ ᠶᠢ ᠨᠢ ᠠᠯᠤᠬ᠎ᠠ ᠰᠦᠬᠡ ᠪᠠᠷ ᠳᠤᠷᠬᠢᠯᠠᠭᠤᠯᠤᠨ ᠳᠤᠮᠨᠤᠵᠤ ᠵᠠᠰᠠᠨ᠎ᠠ᠃ ᠬᠡᠮ ᠨᠢ ᠬᠦᠨᠳᠦ ᠪᠤᠯ ᠳᠤᠯᠤᠭᠠᠢ ᠶᠢ ᠨᠢ ᠳᠤᠷᠤᠭᠰᠢ ᠬᠠᠨᠳᠤᠭᠤᠯᠤᠨ | ᠬᠤᠭᠤᠰᠤᠨ ᠤᠤᠷ ᠮᠠᠨᠴᠤ ᠪᠠᠷ ᠨᠦᠳᠦᠵᠦ ᠳᠤᠷᠬᠢᠯᠠᠭᠤᠯᠤᠨ ᠵᠠᠰᠠᠨ᠎ᠠ᠃ ᠳᠤᠷᠬᠢᠯᠠᠭᠤᠯᠵᠤ ᠪᠠᠷᠠᠭᠰᠠᠨ ᠤ ᠳᠠᠷᠠᠭ᠎ᠠ ᠬᠦᠯ ᠤᠨ ᠤᠯᠠ ᠳᠤᠨᠢ ᠬᠠᠪᠳᠠᠭᠠᠢ ᠮᠤᠳᠤ | ᠨᠠᠭᠠᠯᠳᠤᠭᠤᠯᠵᠤ ᠪᠠᠶᠢᠭᠠᠳ ᠴᠤᠬᠢᠬᠤ ᠪᠦᠬᠡᠳ ᠳᠤᠯᠤᠭᠠᠢ ᠶᠢ ᠨᠢ ᠠᠯᠠᠭᠠᠳᠠᠨ ᠰᠤᠭᠰᠤᠷᠴᠦ ᠨᠠᠷᠢᠨ ᠰᠢᠭ᠋ ᠪᠦᠰ ᠢᠶᠠᠷ ᠳᠤᠭᠤᠨᠤᠯᠵᠠᠨ ᠪᠤᠭᠤᠵᠤ ᠰᠢᠷᠦᠬᠦᠨ | ᠬᠦᠳᠡᠯᠬᠡᠬᠡᠨ ᠢ ᠴᠡᠬᠡᠷᠯᠡᠬᠦᠯᠵᠦ ᠬᠦᠨᠳᠡᠶᠢᠬᠡᠨ ᠬᠡᠪᠳᠡᠬᠦᠯᠦᠨᠠ᠃ | ᠶᠡᠷᠦᠨᠳᠡᠭ ᠢᠶᠠᠷ ᠵᠠᠰᠠᠬᠤ᠄ ᠪᠠᠳᠭᠠᠨ ᠬᠡᠢ ᠶᠢᠨ ᠬᠦᠴᠦᠨ ᠳᠡᠶᠢᠯᠦᠩᠬᠦᠢ ᠬᠦᠩᠭᠡᠨ ᠡᠪᠡᠳᠴᠢᠳᠡᠨ ᠳᠤ ᠦᠷᠯᠦᠬᠡ ᠭᠠᠭᠤᠯᠠ᠂ ᠱᠢᠲ᠋ᠠᠩ 3 ᠭᠷᠡᠮ ᠢ ᠴᠢᠨᠠᠵᠤ | ᠤᠤᠭᠤᠯᠭᠠᠬᠤ᠂ ᠦᠳᠡ ᠳᠤ ᠰᠠᠮᠫᠢᠯᠨᠤᠷᠪᠤ 3 ᠭᠷᠡᠮ ᠢ ᠳᠠᠷᠤᠭᠤᠯᠵᠤ ᠤᠤᠭᠤᠯᠭᠠᠨ᠎ᠠ᠃ ᠴᠢᠰᠦ ᠰᠢᠷ᠎ᠠ ᠶᠢᠨ ᠬᠦᠴᠦᠨ ᠳᠡᠶᠢᠯᠦᠩᠬᠦᠢ ᠡᠪᠡᠳᠴᠢᠳᠡᠨ ᠳᠤ ᠦᠷᠯᠦᠬᠡ | ᠮᠠᠷᠪᠤᠰᠤᠮᠳᠠᠩ 3 ᠭᠷᠡᠮ ᠢ ᠴᠢᠨᠠᠵᠤ ᠤᠤᠭᠤᠯᠭᠠᠬᠤ᠂ ᠦᠳᠡ ᠳᠤ ᠴᠠᠭᠳᠠᠷ ᠦᠷᠢᠯ 3 ᠭᠷᠡᠮ ᠢ ᠤᠤᠭᠤᠯᠭᠠᠬᠤ᠂ ᠤᠷᠤᠢ ᠮᠤᠨᠳᠠᠨᠳᠦ᠋ᠩᠪᠠ 3 ᠭᠷᠡᠮ ᠢ ᠳᠤᠰ | ᠪᠦᠷᠢ ᠳᠠᠷᠤᠭᠤᠯᠤᠨ ᠤᠤᠭᠤᠯᠭᠠᠨ᠎ᠠ᠃ ᠶᠡᠷᠦᠨᠳᠡᠭ — ᠦᠢᠯᠡ ᠬᠡᠷᠡᠭ ᠤᠨ ᠪᠠᠳᠠᠷᠠᠯ ᠢ ᠨᠤᠮᠬᠠᠳᠬᠠᠨ ᠴᠢᠳᠠᠭᠴᠢ ᠵᠤᠩᠬᠢᠯᠠᠬᠤ ᠶᠠᠭᠤᠮ᠎ᠠ᠃ | |