ᠢᠰᠷᠧᠯ ᠤᠨ ᠲᠧᠯᠡᠸᠢᠹ ᠶᠡᠭᠡ ᠰᠣᠷᠭᠠᠭᠤᠯᠢ ᠶᠢᠨ ᠺᠸᠢ ᠡᠯ ᠠᠨᠠᠭᠠᠬᠤ ᠤᠬᠠᠭᠠᠨ ᠤ ᠲᠦᠪ ᠤᠨ ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠵᠠᠵᠢᠯᠤᠭᠤᠷ | ᠰᠢᠬᠢᠷ ᠵᠠᠵᠢᠯᠬᠤ ᠲᠤᠷᠠᠳᠠᠢ 87% ᠶᠢᠨ ᠵᠠᠯᠠᠭᠤᠴᠤᠳ ᠪᠠᠭᠠᠴᠤᠳᠵᠠᠵᠢᠯᠤᠭᠤᠷ ᠰᠢᠬᠢᠷ ᠵᠠᠵᠢᠯᠬᠤ ᠪᠠᠨ ᠪᠤᠯᠢᠭᠰᠠᠨ ᠤ ᠲᠠᠷᠠᠭ᠎ᠠ ᠲᠤᠯᠤᠭᠠᠢ ᠡᠪᠡᠳᠬᠦ ᠨᠢ ᠡᠮᠨᠡᠬᠦ | ᠦᠬᠡᠢ ᠪᠠᠷ ᠠᠶᠠᠨᠳᠠᠭᠠᠨ ᠡᠳᠡᠬᠡᠷᠡᠴᠢᠬᠡᠳᠡᠭ᠃ ᠵᠠᠷᠢᠮ ᠬᠡᠦᠬᠡᠳ ᠦᠷᠬᠦᠯᠵᠦ ᠲᠤᠯᠤᠭᠠᠢ ᠡᠪᠡᠳᠦᠨ᠂ ᠯᠠᠵᠠᠭᠤ ᠨᠠᠰᠤᠨ ᠳᠤ ᠬᠦᠷᠦᠭᠰᠡᠬᠡᠷ ᠪᠦᠷ ᠨᠡᠶᠢᠳᠡᠮ ᠤᠨ | ᠴᠢᠨᠠᠷᠳᠠᠢ ᠪᠤᠯᠵᠤ᠂ ᠡᠮᠡᠭᠳᠡᠢ ᠬᠡᠦᠬᠡᠳ ᠨᠡᠩ ᠬᠦᠨᠳᠦ ᠨᠤᠴᠢᠳᠠᠢ ᠪᠤᠯᠳᠠᠭ᠃ ᠰᠡᠳᠬᠢᠯ ᠤᠨ ᠲᠠᠷᠤᠭᠠᠰᠤ᠂ ᠶᠠᠳᠠᠷᠠᠬᠤ᠂ ᠨᠤᠶᠢᠷ ᠲᠤᠳᠠᠬᠤ᠂ ᠬᠡᠳᠦ ᠬᠠᠯᠠᠭᠤᠷᠠᠬᠤ᠂ | ᠲᠤᠭᠯᠠᠭᠠᠮ ᠨᠠᠭᠠᠳᠬᠤ᠂ ᠱᠤᠤᠬᠢᠶᠠᠨ᠂ ᠨᠠᠷᠠᠨ ᠤ ᠬᠡᠷᠡᠯ᠂ ᠲᠡᠮᠡᠬᠢ ᠲᠠᠳᠠᠬᠤ᠂ ᠢᠳᠡᠵᠦ ᠤᠤᠭᠤᠬᠤ ᠨᠢ ᠵᠢᠮ᠎ᠡ ᠦᠬᠡᠢ ᠵᠢᠴᠢ ᠰᠠᠷ᠎ᠠ ᠶᠢᠨ ᠭᠬᠢᠷ ᠵᠡᠷᠭᠡ ᠨᠢ ᠴᠦᠮ | ᠲᠤᠯᠤᠭᠠᠢ ᠡᠪᠡᠳᠦᠬᠦᠯᠵᠦ ᠮᠡᠳᠡᠨ᠎ᠡ᠃ | ᠰᠤᠳᠤᠯᠭᠠᠳᠠᠳ 6 —19 ᠨᠠᠰᠤᠨ ᠤ ᠦᠷᠬᠦᠯᠵᠢ ᠲᠤᠯᠤᠭᠠᠢ ᠡᠪᠡᠳᠳᠡᠭ ᠮᠦᠷᠳᠡᠬᠡᠨ ᠵᠠᠵᠢᠯᠤᠭᠤᠷ ᠰᠢᠬᠢᠷ ᠵᠠᠵᠢᠯᠬᠤ ᠲᠠᠳᠬᠠᠯ ᠲᠠᠢ 52 ᠰᠠᠶᠢᠨ | ᠲᠤᠷᠠᠴᠤᠤᠯ ᠢ ᠰᠤᠳᠤᠯᠭᠠᠨ ᠳᠤ ᠤᠷᠤᠯᠴᠠᠭᠤᠯᠵᠤ᠂ ᠰᠠᠶᠢᠨ ᠲᠤᠷᠠᠴᠤᠤᠯ ᠤᠨ ᠵᠠᠵᠢᠯᠤᠭᠤᠷ ᠰᠢᠬᠢᠷ ᠢ ᠨᠢ ᠨᠡᠭᠡ ᠰᠠᠷ᠎ᠠ ᠵᠤᠭᠰᠤᠭᠠᠭᠰᠠᠨ ᠤ ᠳ᠋ᠦᠩ ᠳᠤ᠂ 26 | ᠬᠦᠮᠦᠨ ᠤ ᠲᠤᠯᠤᠭᠠᠢ ᠡᠪᠡᠳᠬᠦ ᠨᠢ ᠢᠯᠡᠳᠳᠡ ᠰᠠᠶᠢᠵᠢᠷᠠᠵᠤ᠂ 19 ᠬᠦᠮᠦᠨ ᠨᠢ ᠪᠦᠷᠢᠮᠦᠰᠦᠨ ᠢᠯᠡᠷᠢᠰᠢᠵᠦ᠂ ᠦᠯᠡᠳᠡᠭᠰᠡᠨ 7 ᠬᠦᠮᠦᠨ ᠤ ᠲᠤᠯᠤᠭᠠᠢ ᠡᠪᠡᠳᠬᠦ | ᠲᠠᠪᠳᠠᠮᠵᠢ ᠨᠢ ᠴᠦᠬᠡᠷᠡᠵᠦ ᠬᠦᠩᠭᠡᠷᠡᠪᠡ᠃ | ᠵᠠᠯᠭᠠᠭᠠᠳ ᠰᠤᠳᠤᠯᠭᠠᠳᠠᠳ ᠲᠤᠯᠤᠭᠠᠢ ᠡᠪᠡᠳᠬᠦ ᠨᠢ ᠢᠯᠡᠳᠳᠡ ᠰᠠᠶᠢᠵᠢᠷᠠᠭᠰᠠᠨ 20 ᠰᠠᠶᠢᠨ ᠲᠤᠷᠠᠴᠤᠤᠯ ᠢᠶᠠᠷ ᠵᠠᠵᠢᠯᠤᠭᠤᠷ ᠰᠢᠬᠢᠷ ᠢ ᠨᠢ ᠵᠠᠵᠢᠯᠬᠤ ᠶᠢ | ᠨᠢ ᠰᠡᠷᠬᠦᠬᠡᠬᠡᠳ ᠬᠤᠶᠠᠷ ᠭᠠᠷᠠᠭ ᠪᠤᠯᠤᠭᠰᠠᠨ ᠤ ᠲᠠᠷᠠᠭ᠎ᠠ ᠲᠡᠳᠡᠨ ᠤ ᠲᠤᠯᠤᠭᠠᠢ ᠡᠪᠡᠳᠬᠦ ᠬᠡᠮ ᠨᠢ ᠲᠤᠤᠷ᠎ᠠ ᠪᠠᠨ ᠬᠦᠳᠡᠯᠵᠡᠢ᠃ | ᠵᠠᠵᠢᠯᠤᠭᠤᠷ ᠰᠢᠬᠢᠷ ᠵᠠᠵᠢᠯᠬᠤ ᠨᠢ ᠡᠷᠡᠦ ᠶᠢᠨ ᠦᠶ᠎ᠡ ᠶᠢ ᠠᠬᠢᠨ ᠲᠠᠬᠢᠨ ᠬᠦᠳᠡᠯᠬᠡᠨ ᠰᠡᠳᠬᠢᠯ ᠤᠨ ᠲᠠᠷᠤᠭᠠᠰᠤ ᠶᠢ ᠨᠢ ᠨᠡᠮᠡᠭᠳᠡᠬᠦᠯᠵᠦ᠂ ᠡᠬᠦᠨ ᠤ ᠤᠯᠠᠮ | ᠠᠴᠠ ᠲᠤᠯᠤᠭᠠᠢ ᠡᠪᠡᠳᠦᠬᠦᠯᠳᠡᠭ ᠪᠠᠶᠢᠨ᠎ᠠ᠃ |