ᠲᠠᠪᠤᠨ ᠵᠦᠢᠯ ᠤᠨ ᠢᠳᠡᠭᠡᠨ ᠡᠯᠢᠬᠡ ᠶᠢ ᠬᠠᠮᠠᠭᠠᠯᠠᠨ᠎ᠠ
ᠨᠡᠶᠢᠲᠡᠯᠡᠭᠰᠡᠨ ᠴᠠᠭ᠄
2022/4/20
     ᠰᠠᠷᠢᠮᠰᠠᠭ᠄  ᠺᠠᠨᠠᠳᠠ ᠶᠢᠨ ᠰᠤᠳᠤᠯᠭᠠᠳᠠᠨ ᠤ ᠰᠤᠳᠤᠯᠤᠯᠳᠠ ᠪᠠᠷ᠂  ᠰᠠᠷᠢᠮᠰᠠᠭ ᠪᠤᠯ ᠡᠯᠢᠬᠡ ᠶᠢ ᠬᠠᠪᠰᠤᠷᠤᠨ ᠬᠤᠤᠷ᠎ᠠ ᠶᠢ ᠭᠠᠳᠠᠭᠰᠢᠯᠠᠭᠤᠯᠬᠤ ᠦᠢᠯᠡᠳᠦᠯ  ᠲᠠᠢ᠃  ᠰᠠᠷᠢᠮᠰᠠᠭ ᠤᠨ  ᠲᠤᠳᠤᠷ᠎ᠠ ᠡᠯᠪᠡᠭ ᠪᠠᠶᠠᠯᠢᠭ ᠪᠠᠶᠢᠭᠠᠯᠢᠯᠢᠭ ᠨᠢᠬᠡᠳᠪᠦᠷᠢ  — —  ᠰᠠᠷᠢᠮᠰᠠᠭ ᠤᠨ  ᠡᠳ᠋᠂ ᠰᠧᠯᠧᠨ ᠪᠠᠶᠢᠳᠠᠭ ᠢᠶᠠᠷ ᠡᠯᠢᠬᠡ ᠶᠢ ᠴᠡᠪᠡᠷᠰᠢᠬᠦᠯᠵᠦ ᠴᠢᠳᠠᠳᠠᠭ᠃ ᠰᠠᠷᠢᠮᠰᠠᠭ ᠤᠨ  ᠡᠳ᠋  ᠤᠨ ᠲᠤᠳᠤᠷ᠎ᠠ ᠪᠺᠲ᠋ᠧᠷᠢ ᠲᠠᠷᠤᠬᠤ᠂ ᠢᠰᠦᠯᠳᠦᠬᠦᠯᠬᠦ ᠶᠢ ᠲᠠᠷᠤᠬᠤ ᠦᠢᠯᠡᠳᠦᠯ ᠲᠠᠢ᠂ ᠰᠧᠯᠧᠨ ᠪᠤᠯ ᠢᠰᠦᠯᠳᠦᠬᠦᠯᠬᠦ ᠶᠢ ᠲᠠᠷᠤᠬᠤ  ᠶᠢ ᠴᠢᠩᠭᠠᠳᠬᠠᠬᠤ ᠦᠢᠯᠡᠳᠦᠯ ᠲᠠᠢ ᠃     ᠺᠤᠹᠧ᠄  ᠰᠣᠳᠣᠯᠭᠠᠨ ᠳᠤ ᠢᠯᠡᠷᠡᠬᠦᠯᠦᠭᠰᠡᠨ ᠢᠶᠠᠷ᠂ ᠡᠳᠦᠷ ᠪᠤᠯᠭᠠᠨ ᠬᠤᠶᠠᠷ ᠴᠤᠮᠤ ᠺᠤᠹᠧ ᠤᠤᠭᠤᠪᠠᠯ ᠡᠯᠢᠬᠡᠨ ᠤ ᠡᠪᠡᠳᠴᠢᠨ ᠳᠤ ᠨᠡᠷᠪᠡᠭᠳᠡᠬᠦ ᠠᠶᠤᠯ ᠲᠦᠭᠰᠢᠬᠦᠷᠢ ᠶᠢ 44% ᠢᠶᠠᠷ ᠪᠠᠭᠤᠷᠠᠭᠤᠯᠵᠤ ᠴᠢᠳᠠᠨ᠎ᠠ᠃ ᠬᠡᠪᠡᠴᠦ ᠪᠤᠳᠠᠳᠠᠢ ᠤᠴᠢᠷ ᠰᠢᠯᠳᠠᠭᠠᠨ ᠢ ᠨᠢ ᠣᠳᠣᠬᠠᠨ ᠳᠤ ᠬᠠᠷᠠᠬᠠᠨ ᠲᠤᠳᠤᠯᠠᠭ᠎ᠠ ᠦᠬᠡᠢ᠃ ᠬᠡᠳᠦᠶᠢᠪᠡᠷ ᠺᠣᠹᠧ ᠡᠯᠢᠬᠡ ᠶᠢ ᠬᠠᠮᠠᠭᠠᠯᠠᠬᠤ ᠳᠤ ᠲᠤᠰᠠᠳᠠᠢ ᠪᠤᠯᠪᠠᠴᠤ ᠠᠷᠢᠬᠢ ᠤᠤᠭᠤᠴᠢᠬᠠᠭᠠᠳ ᠺᠤᠹᠧ ᠤᠤᠭᠤᠪᠠᠯ᠂ ᠡᠯᠢᠬᠡ ᠶᠢ ᠬᠠᠮᠠᠭᠠᠯᠠᠵᠤ ᠴᠢᠳᠠᠬᠤ ᠦᠬᠡᠢ  ᠪᠠᠷ ᠪᠠᠷᠠᠬᠤ ᠦᠬᠡᠢ ᠬᠦᠨᠦᠬᠡᠳᠡᠭ ᠶᠤᠮ᠃     ᠠᠯᠢᠮᠠᠯᠢᠭ ᠵᠢᠮᠢᠰ᠄  ᠶᠠᠫᠤᠨ ᠤ ᠰᠤᠳᠤᠯᠭᠠᠳᠠᠨ ᠤ ᠢᠯᠡᠷᠡᠬᠦᠯᠦᠭᠰᠡᠨ ᠢᠶᠠᠷ᠂ ᠠᠯᠢᠮᠠᠯᠢᠭ ᠵᠢᠮᠢᠰ ᠤᠨ ᠲᠤᠳᠤᠷ᠎ᠠ ᠢᠰᠦᠯᠳᠦᠬᠦᠯᠦᠭᠴᠢ ᠶᠢ ᠲᠠᠷᠤᠬᠤ ᠵᠦᠢᠯ ᠪᠠᠶᠢᠳᠠᠭ ᠲᠤᠯᠠ ᠡᠯᠢᠬᠡ ᠶᠢ ᠬᠠᠪᠰᠤᠷᠤᠨ ᠬᠤᠤᠷᠠᠳᠤ ᠪᠤᠳᠠᠰ ᠢ ᠭᠠᠳᠠᠭᠰᠢᠯᠠᠭᠤᠯᠵᠤ᠂ ᠡᠯᠢᠬᠡ ᠶᠢ ᠬᠠᠮᠠᠭᠠᠯᠠᠬᠤ ᠡᠰ ᠤᠨ ᠬᠤᠬᠢᠷᠠᠯ ᠳᠤ ᠤᠴᠠᠷᠠᠬᠤ ᠶᠢ ᠬᠤᠷᠢᠭᠯᠠᠵᠤ ᠴᠢᠳᠠᠳᠠᠭ᠃     ᠺᠠᠷᠠᠢ᠄  ᠠᠮᠧᠷᠢᠺ ᠶᠢᠨ ᠰᠤᠳᠤᠯᠭᠠᠳᠠᠨ ᠤ ᠢᠯᠡᠷᠡᠬᠦᠯᠦᠭᠰᠡᠨ ᠢᠶᠠᠷ᠂ ᠺᠠᠷᠠᠢ ᠲᠤᠳᠤᠷᠠᠬᠢ ᠰᠢᠷ᠎ᠠ ᠭᠠ ᠨᠢ ᠭᠧᠨ ᠪᠤᠯᠤᠨ ᠲᠤᠭᠳᠠᠪᠤᠷᠢ ᠦᠬᠡᠢ ᠮᠤᠯᠧᠺᠦ᠋ᠯ ᠢ ᠴᠦᠬᠡᠳᠬᠡᠵᠦ ᠡᠯᠢᠬᠡ ᠶᠢ ᠬᠠᠮᠠᠭᠠᠯᠠᠵᠤ ᠴᠢᠳᠠᠳᠠᠭ᠃ ᠡᠬᠦᠨ ᠠᠴᠠ ᠭᠠᠳᠠᠨ᠎ᠠ᠂ ᠰᠢᠷ᠎ᠠ ᠭᠠ ᠨᠢ ᠰᠦᠰᠦᠨ ᠤ ᠱᠦᠬᠦᠷᠡᠯᠳᠡ ᠶᠢ ᠠᠬᠢᠭᠤᠯᠵᠤ᠂ ᠬᠦᠮᠦᠨ ᠤ ᠪᠡᠶ᠎ᠡ ᠶᠢᠨ ᠦᠬᠡᠬᠦ ᠶᠢ ᠰᠢᠩᠭᠡᠭᠡᠵᠦ᠂ ᠪᠠᠶᠢᠭᠠᠯᠢᠯᠢᠭ ᠡᠯᠢᠬᠡ ᠶᠢᠨ ᠬᠤᠤᠷ ᠲᠡᠶᠢᠯᠦᠭᠴᠢ ᠬᠡᠮᠡᠭᠳᠡᠳᠡᠭ᠃    ᠦᠵᠦᠮ ᠤᠨ ᠵᠦᠷᠵᠢᠯᠢᠭ᠄ ᠠᠮᠧᠷᠢᠺ ᠶᠢᠨ ᠨᠢᠬᠡᠨ ᠢᠳᠡᠬᠡᠨ ᠤᠮᠳᠠᠭᠠᠨ ᠤ ᠰᠡᠳᠬᠦᠯ ᠳᠤ ᠨᠡᠶᠢᠳᠡᠯᠡᠭᠰᠡᠨ ᠢᠶᠠᠷ᠂ ᠦᠵᠦᠮ ᠤᠨ ᠵᠦᠷᠵᠢᠯᠢᠭ ᠰᠠᠶᠢᠬᠠᠨ ᠠᠮᠳᠠᠳᠠᠢ ᠮᠦᠷᠳᠡᠬᠡᠨ ᠸᠢᠲᠠᠮᠢᠨ  ᠡᠯᠢᠬᠡᠨ ᠠᠴᠠ ᠦᠮᠡᠨ ᠤ ᠡᠳ᠋ ᠪᠤᠯᠤᠨC ᠡᠯᠪᠡᠭ ᠠᠭᠤᠯᠠᠭᠳᠠᠵᠤ ᠪᠠᠶᠢᠬᠤ ᠪᠤᠯᠬᠤᠷ ᠢᠰᠦᠯᠳᠦᠬᠦᠯᠦᠭᠴᠢ ᠶᠢ ᠲᠠᠷᠤᠬᠤ ᠦᠢᠯᠡᠳᠦᠯ ᠲᠠᠢ᠃ ᠡᠶᠢᠮᠦ ᠠᠴᠠ  ᠬᠤᠤᠷᠠᠳᠤ ᠪᠤᠳᠠᠰ ᠢ ᠭᠠᠳᠠᠭᠰᠢᠯᠠᠭᠤᠯᠬᠤ ᠳᠤ ᠲᠤᠰᠠᠳᠠᠢ ᠪᠦᠬᠡᠳ ᠡᠰ ᠤᠨ ᠬᠤᠬᠢᠷᠠᠯ ᠳᠤ ᠤᠴᠠᠷᠠᠬᠤ ᠶᠢ ᠬᠤᠷᠢᠭᠯᠠᠵᠤ ᠴᠢᠳᠠᠳᠠᠭ᠃
ᠢᠷᠡᠯᠲᠡ᠄ ᠲᠣᠲᠣᠷᠬᠠᠢ ᠦᠭᠡᠢ