ᠵᠠᠵᠢᠯᠤᠭᠤᠷ ᠰᠢᠬᠢᠷ ᠬᠢᠬᠡᠳ ᠲᠤᠯᠤᠭᠠᠢ ᠡᠪᠡᠳᠬᠦ
ᠨᠡᠶᠢᠲᠡᠯᠡᠭᠰᠡᠨ ᠴᠠᠭ᠄
2022/4/19
     ᠢᠰᠷᠧᠯ ᠤᠨ ᠲᠧᠯᠡᠸᠢᠹ ᠶᠡᠭᠡ ᠰᠣᠷᠭᠠᠭᠤᠯᠢ ᠶᠢᠨ ᠺᠸᠢ ᠡᠯ ᠠᠨᠠᠭᠠᠬᠤ ᠤᠬᠠᠭᠠᠨ ᠤ ᠲᠦᠪ ᠤᠨ ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠵᠠᠵᠢᠯᠤᠭᠤᠷ ᠰᠢᠬᠢᠷ ᠵᠠᠵᠢᠯᠬᠤ ᠲᠤᠷᠠᠳᠠᠢ 87% ᠶᠢᠨ ᠵᠠᠯᠠᠭᠤᠴᠤᠳ ᠪᠠᠭᠠᠴᠤᠳ‌ᠵᠠᠵᠢᠯᠤᠭᠤᠷ ᠰᠢᠬᠢᠷ ᠵᠠᠵᠢᠯᠬᠤ ᠪᠠᠨ ᠪᠤᠯᠢᠭᠰᠠᠨ ᠤ ᠲᠠᠷᠠᠭ᠎ᠠ ᠲᠤᠯᠤᠭᠠᠢ ᠡᠪᠡᠳᠬᠦ ᠨᠢ ᠡᠮᠨᠡᠬᠦ ᠦᠬᠡᠢ ᠪᠠᠷ ᠠᠶᠠᠨᠳᠠᠭᠠᠨ ᠡᠳᠡᠬᠡᠷᠡᠴᠢᠬᠡᠳᠡᠭ᠃ ᠵᠠᠷᠢᠮ ᠬᠡᠦᠬᠡᠳ ᠦᠷᠬᠦᠯᠵᠦ ᠲᠤᠯᠤᠭᠠᠢ ᠡᠪᠡᠳᠦᠨ᠂ ᠯᠠᠵᠠᠭᠤ ᠨᠠᠰᠤᠨ ᠳᠤ ᠬᠦᠷᠦᠭᠰᠡᠬᠡᠷ ᠪᠦᠷ ᠨᠡᠶᠢᠳᠡᠮ ᠤᠨ ᠴᠢᠨᠠᠷᠳᠠᠢ ᠪᠤᠯᠵᠤ᠂ ᠡᠮᠡᠭᠳᠡᠢ ᠬᠡᠦᠬᠡᠳ ᠨᠡᠩ ᠬᠦᠨᠳᠦ ᠨᠤᠴᠢᠳᠠᠢ ᠪᠤᠯᠳᠠᠭ᠃ ᠰᠡᠳᠬᠢᠯ ᠤᠨ ᠲᠠᠷᠤᠭᠠᠰᠤ᠂ ᠶᠠᠳᠠᠷᠠᠬᠤ᠂ ᠨᠤᠶᠢᠷ ᠲᠤᠳᠠᠬᠤ᠂ ᠬᠡᠳᠦ ᠬᠠᠯᠠᠭᠤᠷᠠᠬᠤ᠂ ᠲᠤᠭᠯᠠᠭᠠᠮ ᠨᠠᠭᠠᠳᠬᠤ᠂ ᠱᠤᠤᠬᠢᠶᠠᠨ᠂ ᠨᠠᠷᠠᠨ ᠤ ᠬᠡᠷᠡᠯ᠂ ᠲᠡᠮᠡᠬᠢ ᠲᠠᠳᠠᠬᠤ᠂ ᠢᠳᠡᠵᠦ ᠤᠤᠭᠤᠬᠤ ᠨᠢ ᠵᠢᠮ᠎ᠡ ᠦᠬᠡᠢ ᠵᠢᠴᠢ ᠰᠠᠷ᠎ᠠ ᠶᠢᠨ ᠭᠬᠢᠷ ᠵᠡᠷᠭᠡ ᠨᠢ ᠴᠦᠮ ᠲᠤᠯᠤᠭᠠᠢ ᠡᠪᠡᠳᠦᠬᠦᠯᠵᠦ ᠮᠡᠳᠡᠨ᠎ᠡ᠃    ᠰᠤᠳᠤᠯᠭᠠᠳᠠᠳ 6 —19 ᠨᠠᠰᠤᠨ ᠤ ᠦᠷᠬᠦᠯᠵᠢ ᠲᠤᠯᠤᠭᠠᠢ ᠡᠪᠡᠳᠳᠡᠭ ᠮᠦᠷᠳᠡᠬᠡᠨ  ᠵᠠᠵᠢᠯᠤᠭᠤᠷ ᠰᠢᠬᠢᠷ ᠵᠠᠵᠢᠯᠬᠤ ᠲᠠᠳᠬᠠᠯ ᠲᠠᠢ 52 ᠰᠠᠶᠢᠨ ᠲᠤᠷᠠᠴᠤᠤᠯ ᠢ ᠰᠤᠳᠤᠯᠭᠠᠨ ᠳᠤ ᠤᠷᠤᠯᠴᠠᠭᠤᠯᠵᠤ᠂ ᠰᠠᠶᠢᠨ ᠲᠤᠷᠠᠴᠤᠤᠯ ᠤᠨ ᠵᠠᠵᠢᠯᠤᠭᠤᠷ ᠰᠢᠬᠢᠷ ᠢ ᠨᠢ ᠨᠡᠭᠡ ᠰᠠᠷ᠎ᠠ ᠵᠤᠭᠰᠤᠭᠠᠭᠰᠠᠨ ᠤ ᠳ᠋ᠦᠩ ᠳᠤ᠂ 26  ᠬᠦᠮᠦᠨ ᠤ  ᠲᠤᠯᠤᠭᠠᠢ ᠡᠪᠡᠳᠬᠦ ᠨᠢ ᠢᠯᠡᠳᠳᠡ ᠰᠠᠶᠢᠵᠢᠷᠠᠵᠤ᠂ 19  ᠬᠦᠮᠦᠨ ᠨᠢ ᠪᠦᠷᠢᠮᠦᠰᠦᠨ ᠢᠯᠡᠷᠢᠰᠢᠵᠦ᠂  ᠦᠯᠡᠳᠡᠭᠰᠡᠨ 7 ᠬᠦᠮᠦᠨ ᠤ ᠲᠤᠯᠤᠭᠠᠢ ᠡᠪᠡᠳᠬᠦ ᠲᠠᠪᠳᠠᠮᠵᠢ ᠨᠢ ᠴᠦᠬᠡᠷᠡᠵᠦ ᠬᠦᠩᠭᠡᠷᠡᠪᠡ᠃     ᠵᠠᠯᠭᠠᠭᠠᠳ ᠰᠤᠳᠤᠯᠭᠠᠳᠠᠳ  ᠲᠤᠯᠤᠭᠠᠢ ᠡᠪᠡᠳᠬᠦ ᠨᠢ ᠢᠯᠡᠳᠳᠡ ᠰᠠᠶᠢᠵᠢᠷᠠᠭᠰᠠᠨ 20 ᠰᠠᠶᠢᠨ ᠲᠤᠷᠠᠴᠤᠤᠯ ᠢᠶᠠᠷ ᠵᠠᠵᠢᠯᠤᠭᠤᠷ ᠰᠢᠬᠢᠷ ᠶᠢ ᠨᠢ ᠵᠠᠵᠢᠯᠬᠤ ᠶᠢ  ᠨᠢ ᠰᠡᠷᠬᠦᠬᠡᠬᠡᠳ ᠬᠤᠶᠠᠷ ᠭᠠᠷᠠᠭ ᠪᠤᠯᠤᠭᠰᠠᠨ ᠤ ᠲᠠᠷᠠᠭ᠎ᠠ ᠲᠡᠳᠡᠨ ᠤ ᠲᠤᠯᠤᠭᠠᠢ ᠡᠪᠡᠳᠬᠦ ᠬᠡᠮ ᠨᠢ ᠲᠤᠤᠷ᠎ᠠ ᠪᠠᠨ ᠬᠦᠳᠡᠯᠵᠡᠢ᠃     ᠵᠠᠵᠢᠯᠤᠭᠤᠷ ᠰᠢᠬᠢᠷ ᠵᠠᠵᠢᠯᠬᠤ ᠨᠢ ᠡᠷᠡᠦ ᠶᠢᠨ ᠦᠶ᠎ᠡ ᠶᠢ ᠠᠬᠢᠨ ᠲᠠᠬᠢᠨ ᠬᠦᠳᠡᠯᠬᠡᠨ ᠰᠡᠳᠬᠢᠯ ᠤᠨ ᠲᠠᠷᠤᠭᠠᠰᠤ ᠶᠢ ᠨᠢ ᠨᠡᠮᠡᠭᠳᠡᠬᠦᠯᠵᠦ᠂ ᠡᠬᠦᠨ ᠤ ᠤᠯᠠᠮ  ᠠᠴᠠ ᠲᠤᠯᠤᠭᠠᠢ ᠡᠪᠡᠳᠦᠬᠦᠯᠳᠡᠭ ᠪᠠᠶᠢᠨ᠎ᠠ᠃
ᠢᠷᠡᠯᠲᠡ᠄ ᠲᠣᠲᠣᠷᠬᠠᠢ ᠦᠭᠡᠢ