ᠨᠢᠭᠤᠷ ᠤᠨ ᠠᠯᠴᠢᠭᠤᠷ ᠪᠠ ᠪᠡᠶ᠎ᠡ ᠤᠬᠢᠶᠠᠬᠤ ᠠᠯᠴᠢᠭᠤᠷ ᠨᠢ ᠬᠦᠮᠦᠰ ᠤᠨ ᠡᠳᠦᠷ ᠲᠤᠳᠤᠮ ᠤᠨ ᠠᠮᠢᠳᠤᠷᠠᠯ ᠠᠴᠠ ᠰᠠᠯᠵᠤ ᠴᠢᠳᠠᠰᠢ ᠦᠬᠡᠢ ᠬᠡᠷᠡᠭᠴᠡᠬᠡᠨ ᠤ | ᠵᠦᠢᠯ ᠪᠤᠯᠤᠨ᠎ᠠ᠃ ᠪᠢᠳᠠ ᠬᠡᠳᠦᠶᠢᠪᠡᠷ ᠡᠳᠦᠷ ᠪᠦᠷᠢ ᠬᠡᠷᠡᠭᠯᠡᠳᠡᠭ ᠠᠯᠴᠢᠭᠤᠷ ᠢᠶᠠᠨ ᠤᠬᠢᠶᠠᠬᠤ ᠨᠢ ᠴᠦᠬᠡᠨ ᠪᠠᠶᠢᠳᠠᠭ᠃ ᠦᠨᠡᠨᠳᠡᠬᠡᠨ ᠠᠯᠴᠢᠭᠤᠷ ᠢ 3 —4 | ᠤᠳᠠᠭ᠎ᠠ ᠬᠡᠷᠡᠭᠯᠡᠪᠡᠯ ᠲᠠᠷᠤᠢ ᠨᠢᠬᠡ ᠤᠳᠠᠭ᠎ᠠ ᠤᠬᠢᠶᠠᠭᠰᠠᠨ ᠪᠠᠶᠢᠬᠤ ᠬᠡᠷᠡᠭᠳᠡᠢ᠃ | ᠡᠮᠴᠢ ᠶᠢᠨ ᠶᠠᠷᠢᠬᠤ ᠪᠠᠷ᠂ ᠠᠯᠴᠢᠭᠤᠷ ᠢ ᠬᠡᠷᠡᠭᠯᠡᠵᠦ ᠪᠠᠷᠠᠭᠰᠠᠨ ᠤ ᠲᠠᠷᠠᠭ᠎ᠠ᠂ ᠠᠷᠠᠰᠣᠨ ᠤ ᠡᠪᠡᠷᠯᠢᠭ ᠡᠳ᠋ ᠨᠢ ᠠᠯᠴᠢᠭᠤᠷ ᠲᠡᠭᠡᠷ᠎ᠡ ᠦᠯᠡᠳᠡᠳᠡᠭ ᠠᠴᠠ 3 | —4 ᠤᠳᠠᠭ᠎ᠠ ᠬᠡᠷᠡᠭᠯᠡᠪᠡᠯ ᠲᠠᠷᠤᠢ ᠳᠤᠨᠢ ᠤᠬᠢᠶᠠᠬᠤ ᠬᠡᠷᠡᠭᠳᠡᠢ᠃ ᠲᠠᠬᠡᠪᠡᠯ ᠠᠯᠴᠢᠭᠤᠷ ᠢ ᠶᠠᠭᠠᠬᠢᠵᠤ ᠤᠬᠢᠶᠠᠪᠠᠯ ᠵᠦᠪ ᠪᠠᠶᠢᠳᠠᠭ ᠪᠤᠢ︖ ᠡᠩ ᠲᠡᠷᠢᠬᠦᠨ ᠳᠤ 60 | ᠭᠷᠡᠳᠦ᠋ᠰ ᠠᠴᠠ ᠲᠡᠭᠡᠭᠰᠢᠬᠢ ᠬᠠᠯᠠᠭᠤᠨ ᠣᠰᠣᠨ ᠳᠤ ᠤᠬᠢᠶᠠᠨ᠎ᠠ᠃ ᠬᠤᠶᠠᠷ ᠲᠤ ᠴᠠᠭᠠᠨ ᠦᠩᠭᠡ ᠪᠠ ᠬᠦᠶᠦᠬᠡᠨ ᠦᠩᠭᠡ ᠶᠢᠨ ᠠᠯᠴᠢᠭᠤᠷ ᠪᠤᠯ ︿︿ᠠᠮᠢᠳᠤ | ᠪᠤᠳᠠᠰ ᠤᠨ ᠴᠢᠨᠠᠷᠳᠤ﹀﹀ ᠬᠤᠪᠴᠠᠰᠤ ᠤᠬᠢᠶᠠᠬᠤ ᠨᠤᠨᠳᠠᠭ ᠢ ᠬᠡᠷᠡᠭᠯᠡᠵᠦ ᠪᠤᠯᠤᠨ᠎ᠠ᠃ ᠦᠩᠭᠡ ᠪᠤᠳᠤᠭ ᠨᠢ ᠬᠦᠨ ᠠᠯᠴᠢᠭᠤᠷ ᠪᠤᠯ ᠦᠩᠭᠡ ᠪᠤᠳᠤᠭ ᠢ ᠤᠨᠠᠭᠠᠬᠤ | ᠦᠬᠡᠢ ᠲᠤᠰᠬᠠᠢ ᠨᠤᠨᠳᠠᠭ ᠢ ᠬᠡᠷᠡᠭᠯᠡᠬᠦ ᠬᠡᠷᠡᠭᠳᠡᠢ᠃ ᠭᠤᠷᠪᠠ ᠳᠤ ᠪᠦᠮᠪᠦᠷᠢᠬᠡᠨ ᠬᠡᠯᠪᠡᠷᠢᠳᠦ ᠬᠠᠳᠠᠭᠠᠬᠤ ᠮᠠᠰᠢᠨ ᠢᠶᠠᠷ ᠠᠯᠴᠢᠭᠤᠷ ᠢ ᠬᠠᠳᠠᠭᠠᠪᠠᠯ ᠵᠦᠬᠡᠷ᠂ ᠬᠠᠷᠢᠨ | ᠴᠠᠬᠢᠯᠭᠠᠨ ᠬᠠᠯᠠᠭᠠᠭᠤᠷ ᠢ ᠬᠡᠷᠡᠭᠯᠡᠵᠦ ᠪᠤᠯᠬᠤ ᠦᠬᠡᠢ᠃ |