ᠰᠣᠬᠤᠷ ᠳᠣᠭᠤᠯ
ᠨᠡᠶᠢᠲᠡᠯᠡᠭᠰᠡᠨ ᠴᠠᠭ᠄
2022/4/18
     ᠭᠤᠣᠯᠳᠠᠭᠤ ᠵᠤᠨ ᠂ ᠨᠠᠮᠤᠷ ᠤᠨ ᠰᠠᠭᠠᠯᠢ ᠶᠢᠨ ᠦᠶ᠎ᠡ ᠳᠤ ᠭᠠᠷᠳᠠᠭ ᠂ ᠤᠯᠠᠷᠢᠯ ᠤᠨ ᠴᠢᠨᠠᠷᠲᠠᠢ ᠡᠪᠡᠳᠴᠢᠨ ᠃     5 ᠳ᠋ᠤᠭᠠᠷ ᠰᠠᠷ᠎ᠠ ᠠᠴᠠ ᠡᠬᠢᠯᠡᠵᠦ ᠭᠠᠷᠤᠭᠠᠳ 11 ᠳ᠋ᠦ᠋ᠭᠡᠷ ᠰᠠᠷ᠎ᠠ ᠳᠤ ᠠᠭᠠᠵᠢᠮ ᠢᠶᠠᠷ ᠵᠣᠭᠰᠣᠨ᠎ᠠ ᠃ ᠬᠠᠯᠳᠠᠪᠤᠷᠢᠯᠠᠯᠲᠠ ᠂ ᠡᠮᠭᠡᠭ ᠶᠠᠪᠤᠴᠠ ᠄ ᠡᠪᠡᠳᠴᠢᠲᠡᠶ ᠮᠠᠯ ᠠᠴᠠ ᠡᠷᠡᠭᠦᠯ ᠳᠤ ᠰᠢᠭᠤᠳ ᠪᠣᠬᠢᠷᠯᠠᠭᠳᠠᠭᠰᠠᠨ ᠡᠪᠡᠰᠦ ᠂ ᠲᠡᠵᠢᠭᠡᠯ ᠂ ᠤᠰᠤ ᠲᠠᠢ ᠬᠠᠮᠲᠤ ᠠᠮᠠ ᠪᠠᠷ ᠂ ᠰᠢᠯᠪᠤᠷᠠᠭᠰᠠᠨ ᠠᠷᠠᠰᠤ ᠂ ᠳᠡᠯᠡᠩ ᠬᠥᠬᠦᠨ ᠤ ᠰᠦᠪᠡ ᠪᠠᠷ ᠳᠡᠮᠵᠢᠨ ᠬᠠᠯᠳᠠᠨ᠎ᠠ ᠃      ᠢᠯᠠᠩᠭᠤᠶ᠎ᠠ ᠰᠠᠭᠠᠯᠢᠴᠢᠨ ᠬᠥᠮᠥᠨ ᠤ ᠭᠠᠷ ᠂ ᠭᠤᠪᠰᠢᠶ᠎ᠠ ᠬᠤᠷᠠᠭ᠎ᠠ ᠢᠰᠢᠭᠡ ᠳᠠᠮᠵᠢᠭᠤᠯᠤᠭᠴᠢ ᠪᠣᠯᠣᠨ᠎ᠠ ᠃ ᠡᠪᠡᠳᠴᠢᠨ ᠡᠭᠦᠰᠬᠡᠭᠴᠢ ᠪᠡᠶ᠎ᠡ ᠳᠤ ᠣᠷᠣᠵᠤ ᠤᠯᠠᠮ ᠢᠶᠠᠷ ᠴᠢᠰᠤᠨ ᠳᠤ ᠣᠷᠣᠵᠤ ᠪᠦᠬᠦ ᠪᠡᠶ᠎ᠡ ᠪᠠᠷ ᠲᠠᠷᠬᠠᠨ ᠦᠷᠪᠢᠰᠦᠯ ᠡᠭᠦᠰᠭᠡᠨ᠎ᠡ ᠃      ᠶᠡᠬᠡᠪᠴᠢᠯᠡᠨ ᠬᠥᠬᠦᠭᠦᠯ ᠮᠠᠯ ᠤᠨ ᠳᠡᠯᠡᠩ ᠳᠤ ᠦᠷᠡᠵᠢᠵᠦ ᠂ ᠬᠥᠬᠦᠨ ᠤ ᠦᠷᠪᠢᠰᠦᠯ ᠡᠭᠦᠰᠭᠡᠨ᠎ᠡ ᠃ ᠡᠪᠡᠳᠴᠢᠨ ᠤ ᠣᠨᠴᠠᠯᠢᠭ ᠨᠢ ᠨᠢᠭᠡ ᠭᠠᠷᠤᠭᠰᠠᠨ ᠮᠠᠯ ᠳᠤ ᠵᠢᠯ ᠳᠠᠷᠠᠭᠠᠯᠠᠨ ᠭᠠᠷᠳᠠᠭ ᠃      ᠰᠢᠨᠵᠢ ᠲᠡᠮᠳᠡᠭ ᠄ ᠬᠠᠮᠤᠭ ᠤᠨ ᠥᠷᠭᠡᠨ ᠲᠠᠷᠬᠠᠭᠰᠠᠨ ᠨᠢ ᠳᠡᠯᠡᠩ ᠤᠨ ᠬᠡᠯᠪᠡᠷᠢ ᠪᠥᠭᠡᠳ ᠡᠪᠡᠳᠴᠢᠯᠡᠭᠰᠡᠨ ᠳᠡᠯᠡᠩ ᠬᠠᠪᠤᠳᠴᠤ ᠴᠢᠨᠦᠷᠡᠨ ᠬᠠᠯᠠᠭᠤᠨ ᠡᠮᠵᠡᠭ ᠪᠣᠯᠣᠨ᠎ᠠ ᠃      ᠰᠠᠭᠠᠵᠤ ᠦᠵᠡᠬᠦ ᠳᠤ ᠰᠦ ᠨᠢ ᠥᠳᠬᠡᠨ ᠨᠠᠭᠠᠯᠳᠤᠮᠠᠲᠠᠭᠠᠶ ᠂ ᠭᠠᠰᠢᠭᠤᠨ ᠠᠮᠲᠠᠲᠠᠢ ᠪᠠᠶᠢᠭᠰᠠᠨ ᠢᠶᠠᠨ ᠰᠦ ᠨᠢ ᠳᠡᠯ ᠳᠤ ᠪᠠᠨ ᠡᠭᠡᠳᠡᠵᠦ ᠪᠥᠭᠡᠮ ᠪᠥᠭᠡᠮ ᠨᠡᠪᠴᠢᠳᠡᠰᠦ ᠡᠭᠦᠰᠬᠡᠨ ᠰᠡᠭᠦᠯ ᠳᠤ ᠪᠠᠨ ᠤᠰᠤ ᠭᠠᠷᠳᠠᠭ ᠲᠤᠯᠠ ᠬᠠᠷ᠎ᠠ ᠳᠡᠯᠡᠩ ᠤᠨ ᠡᠪᠡᠳᠴᠢᠨ ᠴᠤ ᠭᠡᠳᠡᠭ ᠃      ᠬᠠᠷᠢᠨ ᠦᠶ᠎ᠡ ᠮᠥᠴᠢᠨ ᠤ ᠬᠡᠯᠪᠡᠷᠢ ᠪᠠᠷ ᠡᠪᠡᠳᠴᠢᠯᠡᠭᠰᠡᠨ ᠪᠣᠯ ᠬᠥᠯ ᠤᠨ ᠦᠶ᠎ᠡ ᠨᠦᠭᠦᠳ ᠬᠠᠪᠤᠳᠴᠤ ᠂ ᠵᠥᠭᠡᠯᠡᠷᠡᠵᠦ ᠬᠥᠭᠡᠭᠡᠨ ᠦᠶᠡᠨ ᠳᠣᠲᠣᠷ᠎ᠠ ᠨᠢ ᠶᠡᠭᠡ ᠬᠡᠮᠵᠢᠶᠡᠨ ᠤ ᠰᠢᠩᠭᠡᠨ ᠬᠤᠷᠠᠮᠳᠤᠯᠠᠭᠳᠠᠨ᠎ᠠ ᠃ ᠮᠠᠯ ᠡᠬᠢᠯᠡᠭᠡᠳ ᠳᠣᠭᠤᠯᠠᠩ ᠪᠣᠯᠣᠨ᠎ᠠ ᠂ ᠬᠠᠪᠤᠳᠤᠭᠰᠠᠨ ᠦᠶ᠎ᠡ ᠨᠢ ᠬᠠᠲᠠᠭᠤᠷᠠᠵᠤ ᠲᠡᠨᠡᠶᠢᠬᠦ ᠪᠠᠨ ᠪᠣᠯᠢᠳᠠᠭ ᠃ ᠨᠢᠳᠦᠨ ᠤ ᠪᠦᠷᠬᠦᠭᠦᠯ ᠦᠷᠪᠢᠰᠴᠦ ᠨᠢᠳᠦ ᠨᠢ ᠴᠠᠶᠢᠵᠤ ᠬᠠᠷᠠᠭ᠎ᠠ ᠦᠭᠡᠢ ᠪᠣᠯᠣᠨ᠎ᠠ ᠃      ᠨᠢᠭᠡ ᠮᠠᠯ ᠳᠡᠭᠡᠷᠡᠬᠢ ᠬᠡᠯᠪᠡᠷᠢ ᠶᠢᠨ ᠠᠯᠢ ᠨᠢᠭᠡ ᠪᠠᠷ ᠪᠤᠶᠤ ᠵᠠᠷᠢᠮ ᠳᠤ ᠪᠠᠨ ᠠᠯᠢ ᠠᠯᠢᠨ ᠢᠶᠠᠷ ᠨᠢ ᠵᠡᠷᠭᠡ ᠡᠪᠡᠳᠴᠢᠯᠡᠬᠦ ᠴᠤ ᠪᠠᠶᠢᠳᠠᠭ ᠃      ᠤᠷᠢᠳᠴᠢᠯᠠᠨ ᠰᠡᠷᠭᠡᠶᠢᠯᠡᠯᠲᠡ ᠄ ᠥᠪᠡᠷᠮᠢᠴᠡ ᠡᠮᠴᠢᠯᠡᠭᠡ ᠪᠠᠶᠢᠬᠤ ᠦᠭᠡᠢ ᠴᠤ ᠶᠠᠩᠵᠤ ᠪᠦᠷᠢ ᠶᠢᠨ ᠡᠮᠴᠢᠯᠡᠭᠡᠨ ᠤ ᠠᠷᠭ᠎ᠠ ᠬᠡᠷᠡᠭᠯᠡᠵᠦ ᠪᠣᠯᠣᠨ᠎ᠠ ᠃     ᠡᠨᠡ ᠡᠪᠡᠳᠴᠢᠨ ᠢᠶᠠᠷ ᠲᠠᠶᠢᠪᠤᠩ ᠪᠤᠰᠤ ᠮᠠᠯ ᠳᠤ᠂ ᠡᠨᠡ ᠡᠪᠡᠳᠴᠢᠨ ᠤ ᠡᠰᠡᠷᠭᠦ ᠵᠣᠷᠢᠭᠤᠯᠤᠯᠲᠠ ᠶᠢᠨ ᠸᠠᠺᠼᠢᠨ ᠲᠠᠷᠢᠵᠤ ᠳᠠᠷᠬᠠᠯᠠᠭ᠎ᠠ ᠲᠠᠢ ᠪᠣᠯᠭᠠᠬᠤ ᠳᠤ ᠣᠷᠣᠰᠢᠨ᠎ᠠ ᠃
ᠢᠷᠡᠯᠲᠡ᠄ ᠲᠣᠲᠣᠷᠬᠠᠢ ᠦᠭᠡᠢ