ᠰᠦ ᠭᠠᠷᠬᠤ ᠬᠠᠯᠠᠭᠤᠷᠠᠯ ︵产乳热︶ ᠪᠣᠯ ᠣᠳᠣᠬᠠᠨ ᠳᠤ ᠮᠠᠯᠵᠢᠯ ᠤᠨ ᠲᠠᠯᠠᠪᠠᠶ ᠳᠤ ᠨᠡᠶᠢᠳᠡᠮ ᠳᠡᠯᠭᠡᠷᠡᠵᠦ ᠪᠠᠶᠢᠭ᠎ᠠ ᠡᠪᠡᠳᠴᠢᠨ ᠡᠮᠭᠡᠭ ᠪᠠᠶᠢᠵᠤ᠂ | ᠴᠢᠰᠤᠨ ᠤ ᠺᠠᠯᠼ ᠬᠡᠲᠦ ᠳᠣᠤᠷ᠎ᠠ ᠪᠠᠶᠢᠬᠤ ᠲᠠᠢ ᠬᠤᠯᠪᠣᠭ᠎ᠠ ᠲᠠᠢ ᠰᠣᠯᠢᠯᠴᠠᠭ᠎ᠠ ᠶᠢᠨ ᠴᠢᠨᠠᠷᠲᠠᠶ ᠡᠪᠡᠳᠴᠢᠨ ᠮᠥᠨ᠂ ᠭᠤᠤᠯᠳᠠᠭᠤ ᠰᠠᠭᠠᠯᠢ ᠶᠢᠨ ᠦᠨᠢᠶ᠎ᠡ | ᠲᠤᠭᠤᠯᠯᠠᠭᠰᠠᠨ ᠤ ᠳᠠᠷᠠᠭ᠎ᠠ ᠡᠭᠦᠰᠳᠡᠭ᠂ ᠡᠭᠦᠨ ᠤ ᠰᠢᠯᠲᠠᠭᠠᠨ ᠨᠢ ᠰᠠᠭᠠᠯᠢ ᠶᠢᠨ ᠦᠨᠢᠶ᠎ᠡ ᠲᠤᠭᠤᠯᠯᠠᠭᠰᠠᠨ ᠤ ᠳᠠᠷᠠᠭ᠎ᠠ ᠺᠠᠯᠼ ᠤᠨ ᠰᠣᠯᠢᠯᠴᠠᠭ᠎ᠠ ᠶᠢᠨ ᠬᠡᠮᠵᠢᠶ᠎ᠡ ᠨᠢ | ᠺᠠᠯᠼ ᠤᠨ ᠱᠠᠭᠠᠷᠳᠠᠯᠭ᠎ᠠ ᠶᠢ ᠬᠠᠩᠭᠠᠵᠤ ᠳᠡᠶᠢᠯᠬᠦ ᠥᠬᠡᠶ ᠠᠴᠠ ᠪᠣᠯᠵᠣ᠂ ᠰᠠᠭᠠᠯᠢ ᠶᠢᠨ ᠦᠨᠢᠶ᠎ᠡ ᠬᠥᠩᠭᠡᠵᠢᠭᠰᠡᠨ ᠤ ᠳᠠᠷᠠᠭ᠎ᠠ ᠰᠦ ᠭᠠᠷᠬᠤ ᠪᠠ ᠤᠭᠤᠷᠠᠭ ᠰᠦᠨ ᠤ | ᠨᠡᠶᠢᠯᠡᠯᠭᠡ ᠳᠤ ᠴᠥᠮ ᠶᠡᠭᠡ ᠬᠡᠮᠵᠢᠶᠡᠨ ᠤ ᠺᠠᠯᠼ ᠬᠡᠷᠡᠭᠰᠡᠳᠡᠭ᠃ | ᠲᠤᠭᠤᠯᠯᠠᠬᠤ ᠠᠴᠠ ᠡᠮᠦᠨᠡᠬᠢ ᠡᠳᠦᠷ ᠤᠨ ᠬᠦᠨᠡᠰᠦᠨ ᠤ ᠺᠠᠯᠼ ᠪᠠ ᠺᠠᠯᠢ ᠶᠢᠨ ᠠᠭᠤᠯᠤᠭᠳᠠᠴᠠ ᠨᠢ ᠬᠡᠲᠦ ᠥᠨᠳᠥᠷ ᠪᠠᠶᠢᠳᠠᠭ᠃ ᠲᠡᠵᠢᠭᠡᠯ ᠪᠣᠷᠳᠣᠭᠠᠨ ᠤ | ᠳᠣᠲᠣᠷᠠᠬᠢ ᠺᠠᠯᠼ ᠨᠢ ᠰᠠᠭᠠᠯᠢ ᠶᠢᠨ ᠦᠨᠢᠶᠡᠨ ᠤ ᠺᠠᠯᠼ ᠢ ᠢᠳᠡᠪᠬᠢᠵᠢᠭᠦᠯᠦᠨ ᠲᠣᠬᠢᠷᠠᠭᠤᠯᠬᠤ ᠲᠣᠭᠲᠠᠴᠠ ᠶᠢᠨ ᠴᠢᠳᠠᠪᠤᠷᠢ ᠶᠢ ᠬᠡᠲᠦ ᠥᠨᠳᠥᠷ ᠪᠠᠭᠤᠷᠠᠭᠤᠯᠵᠤ᠂ | ᠰᠦᠨ ᠤ ᠬᠠᠯᠠᠭᠤᠨ ᠢ ᠠᠮᠠᠷᠬᠠᠨ ᠡᠭᠦᠰᠭᠡᠨ᠎ᠡ᠃ | ᠭᠤᠷᠪᠠᠨ ᠵᠦᠢᠯ ᠤᠨ ᠤᠷᠢᠳᠴᠢᠯᠠᠨ ᠰᠡᠷᠭᠡᠶᠢᠯᠡᠬᠦ ᠠᠷᠭ᠎ᠠ ᠬᠡᠮᠵᠢᠶ᠎ᠡ | ᠨᠢᠭᠡᠳᠦᠭᠡᠷ ᠵᠦᠢᠯ ᠤᠨ ᠠᠷᠭ᠎ᠠ᠄ ᠰᠠᠭᠠᠯᠢ ᠶᠢᠨ ᠦᠨᠢᠶ᠎ᠡ ᠶᠢ ᠬᠥᠩᠭᠡᠵᠢᠬᠦ ᠠᠴᠠ ᠡᠮᠦᠨ᠎ᠡ ᠺᠠᠯᠼ ᠪᠠᠭ᠎ᠠ ᠬᠤᠨᠤᠭ ᠤᠨ ᠲᠡᠵᠢᠭᠡᠯ ᠲᠡᠵᠢᠭᠡᠵᠦ᠂ ᠰᠠᠭᠠᠯᠢ ᠶᠢᠨ | ᠦᠨᠢᠶ᠎ᠡ ᠶᠢᠨ ᠨᠠᠷᠢᠨ ᠭᠡᠳᠡᠰᠦ ᠵᠢᠴᠢ ᠶᠠᠰᠤᠨ ᠤ ᠺᠠᠯᠼ ᠠᠴᠠ ᠣᠯᠬᠤ ᠴᠢᠳᠠᠪᠤᠷᠢ ᠶᠢ ᠪᠣᠯᠪᠠᠰᠤᠷᠠᠭᠤᠯᠤᠨ᠎ᠠ᠃ ᠡᠨᠡ ᠬᠦ ᠠᠷᠭ᠎ᠠ ᠨᠢ ᠬᠤᠨᠤᠭ ᠤᠨ ᠠᠮᠤ ᠪᠤᠳᠠᠭ᠎ᠠ ᠶᠢ | ᠨᠠᠶᠢᠷᠠᠭᠤᠯᠬᠤ ᠳᠤ ᠶᠠᠷᠰᠢᠭ ᠪᠣᠯᠬᠤ ᠤᠴᠢᠷ ᠠᠴᠠ ᠰᠦᠨ ᠤ ᠭᠠᠷᠤᠯᠲᠠ ᠶᠢᠨ ᠬᠠᠯᠠᠭᠤᠨ ᠢ ᠪᠠᠭᠤᠷᠠᠭᠤᠯᠬᠤ ᠳᠤ ᠨᠡᠯᠢᠶᠡᠳ ᠬᠡᠷᠡᠭᠴᠡᠭᠡ ᠲᠠᠢ ᠠᠷᠭ᠎ᠠ ᠪᠢᠰᠢ ᠶᠤᠮ᠃ | ᠬᠤᠶᠠᠳᠤᠭᠠᠷ ᠵᠦᠢᠯ ᠤᠨ ᠠᠷᠭ᠎ᠠ᠄ ᠪᠢᠯᠢᠭ ᠢᠶᠣᠨ ᠳᠠᠪᠤᠰᠤ ᠶᠢ ᠬᠡᠷᠡᠭᠯᠡᠨ᠎ᠡ᠂ ᠡᠨᠡ ᠨᠢ ᠪᠠᠰᠠ ᠴᠢᠰᠤᠨ ᠤ ᠺᠠᠯᠼ ᠳᠣᠣᠷ᠎ᠠ ᠪᠣᠯᠬᠤ ᠶᠢ ᠰᠡᠷᠭᠡᠶᠢᠯᠡᠬᠦ | ᠤᠯᠠᠮᠵᠢᠯᠠᠯᠲᠤ ᠠᠷᠭ᠎ᠠ ᠪᠣᠯᠤᠨ᠎ᠠ᠃ ᠠᠷᠭ᠎ᠠ ᠢᠶᠣᠨ ᠨᠢ ᠺᠠᠯᠢ ᠶᠢᠨ ᠢᠶᠣᠨ ᠮᠡᠲᠦ ᠶᠢᠨ ᠴᠢᠰᠤ ᠶᠢ ᠱᠦᠯᠲᠦᠯᠢᠭ ᠴᠢᠨᠠᠷᠲᠠᠶ ᠪᠣᠯᠭᠠᠵᠤ᠂ ᠰᠠᠭᠠᠯᠢ ᠶᠢᠨ ᠦᠨᠢᠶᠡᠨ ᠤ | ᠺᠠᠯᠼ ᠤᠨ ᠲᠣᠬᠢᠷᠠᠭᠤᠯᠬᠤ ᠴᠢᠳᠠᠪᠤᠷᠢ ᠶᠢ ᠪᠠᠭᠤᠷᠠᠭᠤᠯᠤᠨ᠎ᠠ᠂ ᠳᠠᠷᠤᠶ ᠰᠠᠭᠠᠯᠢ ᠶᠢᠨ ᠦᠨᠢᠶᠡᠨ ᠤ ᠶᠠᠰᠤᠨ ᠤ ᠺᠠᠯᠼ ᠤᠨ ᠨᠥᠭᠡᠴᠡ ᠶᠢ ᠳᠠᠶᠢᠴᠢᠯᠠᠬᠤ ᠴᠢᠳᠠᠪᠤᠷᠢ ᠶᠢ | ᠪᠠᠭᠤᠷᠠᠭᠤᠯᠤᠨ᠎ᠠ᠃ | ᠪᠢᠯᠢᠭ ᠢᠶᠣᠨ ᠳᠠᠪᠤᠰᠤ᠂ ᠵᠢᠱᠢᠶᠡᠯᠡᠪᠡᠯ ᠾᠯᠣᠷᠲᠤ ᠺᠠᠯᠼ ᠪᠤᠶᠤ ᠬᠦᠬᠦᠷ ᠬᠦᠴᠢᠯ ᠤᠨ ᠮᠠᠭᠨᠢ ᠨᠢ ᠳᠡᠭᠡᠷᠡᠬᠢ ᠪᠠᠶᠢᠳᠠᠯ ᠢ ᠢᠯᠠᠨ ᠳᠠᠪᠠᠵᠤ᠂ ᠴᠢᠰᠤ ᠶᠢ | ᠬᠦᠴᠢᠯᠯᠢᠭ ᠴᠢᠨᠠᠷᠲᠠᠶ ᠪᠣᠯᠭᠠᠳᠠᠭ᠃ ᠬᠡᠷᠪᠡ ᠬᠥᠩᠭᠡᠵᠢᠬᠦ ᠠᠴᠠ ᠡᠮᠦᠨ᠎ᠡ ᠲᠡᠵᠢᠭᠡᠪᠡᠯ ᠺᠠᠯᠼ ᠤᠨ ᠰᠣᠯᠢᠯᠴᠠᠭ᠎ᠠ ᠶᠢᠨ ᠲᠣᠭᠲᠠᠴᠠ ᠶᠢ ᠢᠳᠡᠪᠬᠢᠵᠢᠭᠦᠯᠵᠦ᠂ | ᠰᠠᠭᠠᠯᠢ ᠶᠢᠨ ᠦᠨᠢᠶ᠎ᠡ ᠳᠤ ᠨᠡᠩ ᠠᠮᠠᠷᠬᠠᠨ ᠨᠡᠩ ᠠᠷᠪᠢᠨ ᠺᠠᠯᠼ ᠣᠯᠭᠤᠵᠤ᠂ ᠺᠠᠯᠼ ᠤᠨ ᠲᠣᠬᠢᠷᠠᠭᠤᠯᠭ᠎ᠠ ᠶᠢ ᠰᠠᠶᠢᠵᠢᠷᠠᠭᠤᠯᠤᠨ᠂ ᠰᠦᠨ ᠤ ᠬᠠᠯᠠᠭᠤᠨ ᠤ | ᠲᠦᠭᠰᠢᠭᠦᠷᠢ ᠶᠢ ᠪᠠᠭᠠᠰᠬᠠᠨ᠎ᠠ᠃ |