ᠴᠢᠭᠢᠭ ᠤᠨ ᠤᠯᠠᠭᠠᠨ ᠬᠤᠷᠣᠬᠠᠶ ᠳᠤ ᠮᠠᠰᠢ ᠡᠯᠪᠡᠭ ᠪᠠᠶᠠᠯᠢᠭ ᠰᠢᠮ᠎ᠡ ᠲᠡᠵᠢᠭᠡᠯ ᠤᠨ ᠪᠦᠷᠢᠯᠳᠦᠬᠦᠨ ᠲᠠᠢ᠂ ᠣᠨᠴᠠᠭᠠᠶᠢᠯᠠᠨ ᠤᠭᠤᠷᠠᠭ ᠤᠨ ᠠᠭᠤᠯᠤᠭᠳᠠᠴᠠ | ᠥᠨᠳᠥᠷ᠂ ᠭᠠᠭ᠋ᠠᠶ ᠲᠠᠬᠢᠶ᠎ᠠ ᠲᠡᠵᠢᠭᠡᠬᠦ ᠠᠮᠢᠲᠠᠨ ᠤ ᠴᠢᠨᠠᠷ ᠢᠶᠠᠷ ᠰᠠᠶᠢᠨ ᠲᠡᠵᠢᠭᠡᠯ ᠪᠣᠷᠳᠤᠭ᠎ᠠ ᠪᠣᠯᠤᠨ᠎ᠠ᠃ ᠲᠡᠷᠡ ᠨᠢ ᠭᠠᠭ᠋ᠠᠶ ᠵᠢᠭᠦᠷᠲᠡᠨ ᠤ ᠮᠢᠬ᠎ᠠ ᠠᠷᠪᠢᠨ᠂ | ᠥᠨᠳᠡᠭᠡᠯᠡᠬᠦ ᠶᠢ ᠠᠬᠢᠭᠤᠯᠳᠠᠭ᠂ ᠭᠡᠪᠡᠴᠦ ᠲᠡᠵᠢᠭᠡᠬᠦ ᠠᠷᠭ᠎ᠠ ᠨᠢ ᠵᠣᠬᠢᠰ ᠦᠭᠡᠶ ᠪᠣᠯ ᠮᠠᠯ ᠵᠢᠭᠦᠷᠲᠡᠨ ᠤ ᠡᠪᠡᠳᠴᠢᠨ ᠡᠮᠭᠡᠭ ᠢ ᠡᠭᠦᠰᠭᠡᠵᠦ᠂ ᠬᠤᠬᠢᠷᠠᠯ | ᠤᠴᠠᠷᠠᠭᠤᠯᠳᠠᠭ ᠪᠠᠶᠢᠨ᠎ᠠ᠃ ᠡᠶᠢᠮᠦ ᠠᠴᠠ ᠴᠢᠭᠢᠭ ᠤᠨ ᠤᠯᠠᠭᠠᠨ ᠬᠤᠷᠣᠬᠠᠶ ᠶᠢ ᠲᠡᠵᠢᠭᠡᠬᠦ ᠳᠡᠭᠡᠨ ᠬᠡᠷᠰᠡᠦ ᠪᠣᠯᠭᠤᠮᠵᠢᠲᠠᠶ ᠪᠠᠶᠢᠬᠤ ᠬᠡᠷᠡᠭᠲᠡᠶ᠃ | ᠴᠢᠭᠢᠭ ᠤᠨ ᠤᠯᠠᠭᠠᠨ ᠬᠤᠷᠣᠬᠠᠶ ᠭᠠᠭ᠋ᠠᠶ ᠳᠤ ᠠᠭᠤᠰᠬᠢᠨ ᠤ ᠳᠣᠣᠵᠠ ᠬᠤᠷᠣᠬᠠᠶ ᠶᠢᠨ ᠡᠪᠡᠳᠴᠢᠨ ᠪᠠ ᠠᠮᠢᠰᠬᠤᠭᠠᠳᠠᠬᠤ ᠡᠪᠡᠳᠴᠢᠨ ᠢ ᠲᠠᠷᠬᠠᠭᠠᠳᠠᠭ᠃ ᠨᠢᠭᠡᠨ | ᠴᠢᠭᠢᠭ ᠤᠨ ᠤᠯᠠᠭᠠᠨ ᠬᠤᠷᠣᠬᠠᠶ ᠨᠢ ᠬᠡᠳᠦᠨ ᠵᠠᠭᠤᠨ ᠤᠲᠠᠰᠤᠯᠢᠭ ᠬᠤᠷᠣᠬᠠᠶ ᠶᠢᠨ ᠠᠪᠠᠭᠠᠯᠳᠠᠶ ᠶᠢ ᠠᠪᠴᠤ ᠶᠠᠪᠤᠳᠠᠭ ᠲᠤᠯᠠ ᠬᠤᠣᠷ ᠬᠥᠨᠥᠭᠡᠯ ᠨᠢ ᠲᠦᠢᠯ ᠤᠨ | ᠶᠡᠭᠡ ᠪᠠᠶᠢᠳᠠᠭ᠃ ᠬᠠᠷᠢᠨ ᠠᠭᠤᠰᠬᠢᠨ ᠤ ᠳᠣᠣᠵᠠ ᠬᠤᠷᠣᠬᠠᠶ ᠶᠢᠨ ᠠᠪᠠᠭᠠᠯᠳᠠᠶ ᠨᠢ ᠪᠠᠰᠠ ᠭᠠᠭ᠋ᠠᠶ ᠶᠢᠨ ᠠᠮᠢᠰᠬᠤᠭᠠᠳᠠᠬᠤ ᠡᠪᠡᠳᠴᠢᠨ ᠤ ᠸᠢᠷᠦ᠋ᠰ ᠲᠠᠢ ᠪᠠᠶᠢᠵᠤ᠂ | ᠭᠠᠭ᠋ᠠᠶ ᠶᠢ ᠬᠠᠮᠲᠤ ᠳᠤᠨᠢ ᠠᠮᠢᠰᠬᠤᠭᠠᠳᠠᠬᠤ ᠡᠪᠡᠳᠴᠢᠨ ᠳᠤ ᠨᠡᠷᠪᠡᠭᠳᠡᠭᠦᠯᠳᠡᠭ᠃ | ᠴᠢᠭᠢᠭ ᠤᠨ ᠤᠯᠠᠭᠠᠨ ᠬᠤᠷᠣᠬᠠᠶ ᠨᠢ ᠵᠢᠭᠦᠷᠲᠡᠨ ᠤ ᠲᠥᠷᠥᠯ ᠳᠤ 4 ᠵᠦᠢᠯ ᠤᠨ ᠰᠢᠮᠡᠭᠦᠷ ᠬᠤᠷᠣᠬᠠᠶ ᠶᠢᠨ ᠡᠪᠡᠳᠴᠢᠨ ᠢ ᠲᠠᠷᠬᠠᠭᠠᠳᠠᠭ᠃ ᠨᠢᠭᠡᠳᠦᠭᠡᠷ ᠵᠦᠢᠯ ᠨᠢ | ᠮᠥᠭᠡᠷᠰᠦᠨ ᠬᠤᠭᠤᠯᠠᠶ ᠶᠢᠨ ᠨᠡᠶᠢᠯᠡᠮᠡᠯ ᠤᠲᠠᠰᠤᠯᠢᠭ ᠬᠤᠷᠣᠬᠠᠶ ᠶᠢᠨ ᠡᠪᠡᠳᠴᠢᠨ ᠪᠣᠯᠤᠨ᠎ᠠ᠃ ᠬᠤᠶᠠᠳᠤᠭᠠᠷ ᠵᠦᠢᠯ ᠨᠢ ᠴᠠᠭᠠᠷᠢᠭ ᠬᠡᠯᠪᠡᠷᠢᠲᠦ ᠬᠢᠯᠭᠠᠰᠤᠨ | ᠬᠤᠷᠣᠬᠠᠶ ᠶᠢᠨ ᠡᠪᠡᠳᠴᠢᠨ᠃ ᠰᠢᠪᠠᠵᠢ ᠶᠢᠨ ᠪᠡᠶ᠎ᠡ ᠨᠢ ᠲᠠᠬᠢᠶᠠᠨ ᠤ ᠤᠯᠠᠭᠠᠨ ᠬᠤᠭᠤᠯᠠᠶ ᠳᠤ ᠮᠥᠯᠵᠢᠨ ᠠᠮᠢᠳᠤᠷᠠᠵᠤ᠂ ᠰᠢᠮ᠎ᠡ ᠲᠡᠵᠢᠭᠡᠯ ᠳᠤᠲᠠᠬᠤ᠂ ᠲᠤᠷᠠᠩᠬᠠᠶ | ᠪᠣᠯᠬᠤ᠂ ᠴᠢᠰᠤ ᠳᠤᠲᠠᠬᠤ ᠶᠢ ᠡᠭᠦᠰᠭᠡᠵᠦ᠂ ᠬᠦᠨᠳᠦ ᠨᠢ ᠳᠣᠷᠦ᠋ᠢᠲᠠᠨ ᠥᠭᠦᠳᠡᠭ᠃ ᠭᠤᠷᠪᠠᠳᠤᠭᠠᠷ ᠵᠦᠢᠯ ᠨᠢ ᠲᠠᠬᠢᠶᠠᠨ ᠤ ᠣᠨᠳᠣᠣ ᠥᠷᠭᠡᠰᠦ ᠲᠠᠢ ᠤᠲᠠᠰᠤᠨ | ᠬᠤᠷᠣᠬᠠᠶ ᠶᠢᠨ ᠡᠪᠡᠳᠴᠢᠨ᠃ ᠬᠤᠷᠣᠬᠠᠶ ᠶᠢᠨ ᠪᠡᠶ᠎ᠡ ᠮᠤᠬᠤᠷ ᠣᠯᠣᠭᠠᠶ ᠳᠤ ᠮᠥᠯᠵᠢᠨ ᠠᠮᠢᠳᠤᠷᠠᠵᠤ᠂ ᠰᠢᠩᠭᠡᠭᠡᠯᠲᠡ ᠮᠠᠭᠤᠳᠠᠬᠤ᠂ ᠢᠳᠡᠭᠡᠨ ᠤ ᠳᠤᠷᠠᠰᠢᠯ ᠦᠭᠡᠶ | ᠪᠣᠯᠬᠤ᠂ ᠰᠠᠭᠤᠯᠭᠠᠬᠤ᠂ ᠲᠤᠷᠠᠩᠬᠠᠶ ᠪᠣᠯᠬᠤ᠂ ᠲᠠᠬᠢᠶ᠎ᠠ ᠪᠤᠶᠢᠵᠢᠬᠤ ᠦᠭᠡᠶ᠂ ᠥᠨᠳᠡᠭᠡᠯᠡᠬᠦ ᠨᠢ ᠪᠠᠭᠠᠰᠳᠠᠭ᠃ ᠳᠥᠷᠪᠡᠳᠦᠭᠡᠷ ᠵᠦᠢᠯ ᠨᠢ ᠱᠠᠭᠠᠨᠲᠠᠭ ᠬᠡᠯᠪᠡᠷᠢ ᠶᠢᠨ | ᠬᠤᠪᠢᠷᠠᠯᠲᠠ ᠲᠠᠢ ᠳᠣᠣᠵᠠ ᠬᠤᠷᠣᠬᠠᠶ ᠶᠢᠨ ᠡᠪᠡᠳᠴᠢᠨ ᠪᠣᠯᠤᠨ᠎ᠠ᠃ ᠬᠤᠷᠣᠬᠠᠶ ᠶᠢᠨ ᠪᠡᠶ᠎ᠡ ᠨᠢ ᠲᠠᠬᠢᠶᠠᠨ ᠤ ᠨᠤᠭᠤᠯᠤᠭᠤᠷ ᠭᠡᠳᠡᠰᠦᠨ ᠳᠤ ᠮᠥᠯᠵᠢᠨ ᠠᠮᠢᠳᠤᠷᠠᠵᠤ᠂ | ᠢᠳᠡᠭᠡᠨ ᠤ ᠳᠤᠷᠠᠰᠢᠯ ᠨᠢ ᠶᠡᠭᠡ ᠪᠠᠷ ᠪᠠᠭᠤᠷᠠᠵᠤ᠂ ᠰᠢᠩᠭᠡᠷᠡᠬᠦ ᠦᠭᠡᠶ᠂ ᠡᠴᠡᠵᠦ ᠲᠤᠷᠠᠭᠠᠳ ᠮᠡᠳᠡᠷᠡᠯ ᠤᠨ ᠡᠪᠡᠳᠴᠢᠨ ᠤ ᠢᠯᠡᠷᠡᠯ ᠡᠭᠦᠰᠭᠡᠳᠡᠭ᠃ ᠡᠨᠡ 4 ᠰᠢᠮᠡᠭᠦᠷ | ᠬᠤᠷᠣᠬᠠᠶ ᠶᠢᠨ ᠡᠪᠡᠳᠴᠢᠨ ᠨᠢ ᠴᠥᠮ ᠴᠢᠭᠢᠭ ᠤᠨ ᠤᠯᠠᠭᠠᠨ ᠬᠤᠷᠣᠬᠠᠶ ᠠᠴᠠ ᠬᠠᠯᠳᠠᠪᠤᠷᠢᠯᠠᠳᠠᠭ᠃ | ᠴᠢᠭᠢᠭ ᠤᠨ ᠤᠯᠠᠭᠠᠨ ᠬᠤᠷᠣᠬᠠᠶ ᠶᠢᠨ ᠡᠪᠡᠳᠴᠢᠨ ᠲᠠᠷᠬᠠᠭᠠᠬᠤ ᠶᠢ ᠰᠡᠷᠭᠡᠶᠢᠯᠡᠬᠦ ᠠᠷᠭ᠎ᠠ ᠬᠡᠮᠵᠢᠶ᠎ᠡ ᠭᠡᠪᠡᠯ᠂ ᠨᠢᠭᠡ ᠳᠤ᠂ ᠴᠢᠭᠢᠭ ᠤᠨ ᠤᠯᠠᠭᠠᠨ ᠬᠤᠷᠣᠬᠠᠶ ᠶᠢ | ᠲᠡᠵᠢᠭᠡᠬᠦ ᠳᠤ ᠵᠠᠪᠠᠯ ᠬᠢᠵᠢᠭ ᠤᠨ ᠪᠠᠶᠢᠴᠠᠭᠠᠯᠲᠠ ᠬᠢᠬᠦ ᠬᠡᠷᠡᠭᠲᠡᠶ᠂ ᠮᠥᠯᠵᠢᠭᠦᠷ ᠬᠤᠷᠣᠬᠠᠶ ᠶᠢᠨ ᠥᠨᠳᠡᠭᠡ᠂ ᠤᠭᠤᠲᠠ ᠪᠤᠶᠤ ᠠᠪᠠᠭᠠᠯᠳᠠᠶ ᠲᠠᠢ ᠪᠦᠬᠦᠨ ᠢ ᠳᠠᠷᠦ᠋ᠢᠬᠠᠨ | ᠰᠢᠢᠳᠪᠦᠷᠢᠯᠡᠬᠦ ᠬᠡᠷᠡᠭᠲᠡᠶ᠃ ᠬᠤᠶᠠᠷ ᠲᠤ᠂ ᠴᠢᠭᠢᠭ ᠤᠨ ᠤᠯᠠᠭᠠᠨ ᠬᠤᠷᠣᠬᠠᠶ ᠶᠢ ᠲᠡᠵᠢᠭᠡᠵᠦ᠂ ᠠᠷᠢᠭᠤᠳᠬᠠᠭᠰᠠᠨ ᠦᠭᠡᠢ ᠮᠠᠯ ᠵᠢᠭᠦᠷᠲᠡᠨ ᠤ ᠪᠠᠭᠠᠰᠤ ᠪᠠᠷ ᠲᠡᠵᠢᠭᠡᠯ | ᠪᠣᠷᠳᠤᠭ᠎ᠠ ᠪᠣᠯᠭᠠᠬᠤ ᠶᠢ ᠴᠢᠩᠭ᠎ᠠ ᠴᠠᠭᠠᠵᠠᠯᠠᠨ᠎ᠠ᠃ ᠭᠤᠷᠪᠠ ᠳᠤ᠂ ᠴᠢᠭᠢᠭ ᠤᠨ ᠤᠯᠠᠭᠠᠨ ᠬᠤᠷᠣᠬᠠᠶ ᠶᠢᠨ ᠥᠨᠳᠡᠭᠡ᠂ ᠤᠭᠤᠲᠠ᠂ ᠠᠪᠠᠭᠠᠯᠳᠠᠶ ᠨᠢ ᠥᠨᠳᠥᠷ | ᠬᠠᠯᠠᠭᠤᠨ ᠠᠴᠠ ᠠᠶᠤᠳᠠᠭ᠂ ᠡᠶᠢᠮᠦ ᠠᠴᠠ ᠮᠠᠯ ᠵᠢᠭᠦᠷᠲᠡᠨ ᠢ ᠲᠡᠵᠢᠭᠡᠬᠦ ᠳᠡᠭᠡᠨ ᠵᠠᠪᠠᠯ ᠲᠦᠢᠯᠪᠤᠷᠢᠲᠠᠶ ᠬᠠᠯᠠᠭᠤᠯᠬᠤ ᠬᠡᠷᠡᠭᠲᠡᠶ᠂ ᠲᠦᠭᠦᠬᠡᠶ ᠪᠠᠷ ᠲᠡᠵᠢᠭᠡᠵᠦ ᠣᠭᠲᠣ | ᠪᠣᠯᠬᠤ ᠥᠬᠡᠶ᠃ ᠥᠭᠦᠭᠰᠡᠨ ᠴᠢᠭᠢᠭ ᠤᠨ ᠤᠯᠠᠭᠠᠨ ᠬᠤᠷᠣᠬᠠᠶ ᠴᠤ ᠭᠡᠰᠡᠨ ᠪᠡᠶ᠎ᠡ ᠳᠠᠬᠢ ᠬᠤᠷᠣᠬᠠᠶ ᠶᠢᠨ ᠥᠨᠳᠡᠭᠡ ᠨᠢ ᠥᠭᠦᠭᠰᠡᠨ ᠥᠬᠡᠶ ᠲᠤᠯᠠ ᠵᠠᠪᠠᠯ | ᠬᠠᠯᠠᠭᠤᠯᠬᠤ ᠬᠡᠷᠡᠭᠲᠡᠶ᠃ ᠳᠥᠷᠪᠡ ᠳᠤ ᠮᠠᠯ ᠵᠢᠭᠦᠷᠲᠡᠨ ᠤ ᠳᠣᠲᠣᠷ᠎ᠠ ᠠᠴᠠ ᠳᠡᠭᠡᠷ᠎ᠡ ᠳᠤᠷᠠᠳᠤᠭᠰᠠᠨ ᠡᠪᠡᠳᠴᠢᠨ ᠡᠮᠭᠡᠭ ᠪᠠᠶᠢᠬᠤ ᠶᠢ ᠣᠯᠵᠤ ᠮᠡᠳᠡᠪᠡᠯ᠂ ᠡᠷᠬᠡᠪᠰᠢ | ᠲᠡᠷᠡ ᠳᠠᠷᠤᠶ ᠳᠤᠨᠢ ᠴᠢᠩᠭ᠎ᠠ ᠲᠤᠰᠠᠭᠠᠷᠯᠠᠵᠤ᠂ ᠲᠠᠷᠬᠠᠬᠤ ᠶᠢ ᠴᠢᠩᠭ᠎ᠠ ᠰᠡᠷᠭᠡᠶᠢᠯᠡᠬᠦ ᠬᠡᠷᠡᠭᠲᠡᠶ᠃ ᠲᠠᠪᠤ ᠳᠤ ᠮᠠᠯ ᠵᠢᠭᠦᠷᠲᠡᠨ ᠳᠤ ᠴᠠᠭ ᠲᠤᠬᠠᠶ ᠳᠤᠨᠢ ᠬᠢᠵᠢᠭ ᠤᠨ | ᠪᠠᠶᠢᠴᠠᠭᠠᠯᠲᠠ ᠬᠢᠵᠦ᠂ ᠴᠠᠭ ᠲᠤᠬᠠᠶ ᠳᠤᠨᠢ ᠠᠷᠭ᠎ᠠ ᠬᠡᠮᠵᠢᠶ᠎ᠡ ᠠᠪᠬᠤ ᠳᠤ ᠳᠥᠭᠦᠮ ᠪᠣᠯᠭᠠᠬᠤ ᠬᠡᠷᠡᠭᠲᠡᠶ᠃ |