3 ᠰᠠᠷ᠎ᠠ ᠠᠴᠠ ᠪᠠᠭ᠎ᠠ ᠨᠠᠰᠤᠳᠠᠢ ᠲᠤᠭᠤᠯ ᠤᠨ ᠦᠰᠦᠯᠳᠡ ᠨᠢ ᠨᠡᠯᠢᠶᠡᠳ ᠲᠦᠷᠭᠡᠨ ᠪᠤᠯᠬᠤᠷ ᠭᠡᠷᠡᠭᠰᠡᠬᠦ ᠤᠭᠤᠷᠠᠭ ᠤᠨ ᠭᠡᠮᠵᠢᠶ᠎ᠠ ᠨᠢ ᠴᠤ ᠨᠡᠯᠢᠶᠡᠳ ᠶᠡᠭᠡ | ᠪᠠᠶᠢᠳᠠᠭ᠃ ᠡᠶᠢᠮᠤ ᠠᠴᠠ ᠡᠳᠤᠷ ᠤᠨ ᠪᠤᠷᠳᠤᠭᠠᠨ ᠳᠤ ᠤᠭᠤᠷᠠᠭ ᠪᠤᠷᠳᠤᠭ᠎ᠠ ᠶᠢ 20% ᠡᠵᠡᠯᠡᠬᠦᠯᠬᠦ ᠭᠡᠷᠡᠭᠳᠡᠢ᠃ ᠡᠬᠦᠨ ᠤ ᠬᠠᠮᠳᠤ ᠲᠡᠬᠦᠨ ᠤ ᠬᠦᠵᠡᠭᠡ ᠪᠤᠶᠢᠵᠢᠵᠤ | ᠲᠡᠬᠦᠯᠳᠡᠷᠵᠢᠭᠡ ᠦᠭᠡᠢ ᠪᠤᠯᠬᠤᠷ ᠪᠠᠶ᠎ᠠ ᠲᠤᠳᠤᠷ᠎ᠠ ᠨᠢ ᠵᠠᠷᠢᠮ ᠭᠡᠷᠡᠭᠴᠡᠭᠡ ᠲᠠᠢ ᠰᠢᠪᠳᠤᠷᠳᠤ ᠬᠦᠴᠢᠯ ᠪᠦᠷᠢᠯᠳᠤᠵᠤ ᠲᠡᠶᠢᠯᠬᠦ ᠦᠭᠡᠢ ᠪᠠᠶᠢᠳᠠᠭ᠃ ᠡᠶᠢᠮᠤ ᠠᠴᠠ ᠠᠳᠠᠯᠢ | ᠪᠤᠰᠤ ᠤᠭᠤᠷᠠᠬ ᠪᠤᠷᠳᠤᠭ᠎ᠠ ᠶᠢ ᠨᠡᠮᠡᠬᠦ ᠭᠡᠷᠡᠭᠳᠡᠢ᠃ ᠲᠤᠭᠤᠯ 6 12 ᠰᠠᠷ᠎ᠠ ᠲᠠᠢ᠂ ᠪᠠᠶ᠎ᠠ ᠶᠢᠨ ᠬᠦᠨᠳᠤ ᠨᠢ 150 200 ᠺᠢᠯᠦᠭᠷᠡᠮ ᠪᠤᠯᠬᠤ ᠦᠶᠡᠰ ᠡᠳᠤᠷ ᠤᠨ | ᠪᠤᠷᠳᠤᠭᠠᠨ ᠳᠤ ᠠᠭᠤᠯᠤᠭᠳᠠᠬᠤ ᠤᠭᠤᠷᠠᠭ ᠪᠤᠷᠳᠤᠭ᠎ᠠ ᠶᠢ ᠪᠠᠭᠠᠰᠬᠠᠨ 15% ᠤᠷᠴᠢᠮ ᠪᠤᠯᠭᠠᠨ᠎ᠠ᠃ ᠲᠠᠷᠠᠭᠠᠴᠢ ᠪᠠᠷ ᠲᠤᠭᠤᠯ ᠤᠨ ᠪᠠᠶ᠎ᠠ ᠶᠢᠨ ᠬᠦᠨᠳᠤ | ᠨᠡᠮᠡᠭᠳᠡᠬᠦ ᠶᠢ ᠲᠠᠭᠠᠯᠳᠤᠨ ᠡᠳᠤᠷ ᠤᠨ ᠪᠤᠷᠳᠤᠭᠠᠨ ᠳᠠᠬᠢ ᠤᠭᠤᠷᠠᠭ ᠪᠤᠷᠳᠤᠭ᠎ᠠ ᠶᠢᠨ ᠠᠭᠤᠯᠤᠭᠳᠠᠴᠠ ᠶᠢ ᠢᠳᠡᠭ ᠢᠳᠡᠭ ᠢᠶᠠᠷ ᠪᠠᠭᠠᠰᠬᠠᠨ 12% ᠪᠤᠯᠭᠠᠨ᠎ᠠ᠃ | ᠵᠢᠶᠠ ᠽᠢ ᠦᠭᠡᠷ ᠢ ᠬᠠᠰᠢᠶᠠᠯᠠᠨ ᠲᠡᠵᠢᠭᠡᠵᠤ ᠪᠤᠷᠳᠤᠬᠤ ᠳᠤ ᠪᠠᠶ᠎ᠠ ᠶᠢᠨ ᠬᠦᠨᠳᠤ ᠨᠢ 300 ᠺᠢᠯᠦᠭᠷᠡᠮ ᠤᠷᠴᠢᠮ ᠪᠤᠯ ᠡᠳᠤᠷ ᠤᠨ ᠪᠤᠷᠳᠤᠭᠠᠨ ᠳᠠᠬᠢ ᠤᠭᠤᠷᠠᠭ | ᠪᠤᠷᠳᠤᠭ᠎ᠠ ᠶᠢᠨ ᠠᠭᠤᠯᠤᠭᠳᠠᠴᠠ ᠶᠢ 10% 13% ᠡᠵᠡᠯᠡᠬᠦᠯᠤᠨᠠ᠃ ᠪᠤᠷᠳᠤᠭᠠᠳ ᠰᠡᠬᠦᠯᠴᠢ ᠶᠢᠨ ᠬᠤᠭᠤᠴᠠᠭ᠎ᠠ ᠪᠤᠯᠬᠤ ᠳᠤ ᠡᠳᠤᠷ ᠤᠨ ᠪᠤᠷᠳᠤᠭᠠᠨ ᠳᠠᠬᠢ | ᠤᠭᠤᠷᠠᠭ ᠪᠤᠷᠳᠤᠭ᠎ᠠ ᠶᠢᠨ ᠠᠭᠤᠯᠤᠭᠳᠠᠴᠠ ᠶᠢ 10% ᠪᠠᠶᠢᠯᠭᠠᠪᠠᠯ ᠪᠤᠯᠴᠢᠬᠠᠨ᠎ᠠ᠃ ᠬᠦᠭᠰᠢᠨ ᠦᠭᠡᠷ ᠢ ᠪᠤᠷᠳᠤᠬᠤ ᠳᠤ ᠬᠦᠭᠰᠢᠨ ᠦᠭᠡᠷ ᠲᠡᠵᠢᠭᠡᠬᠦ ᠪᠤᠷᠳᠤᠭ᠎ᠠ ᠶᠢ | ᠭᠡᠷᠡᠭᠯᠡᠵᠤ᠂ ᠡᠳᠤᠷ ᠤᠨ ᠪᠤᠷᠳᠤᠭᠠᠨ ᠳᠠᠬᠢ ᠤᠭᠤᠷᠠᠭ ᠪᠤᠷᠳᠤᠭ᠎ᠠ ᠶᠢᠨ ᠠᠭᠤᠯᠤᠭᠳᠠᠴᠠ ᠶᠢ 10% ᠪᠠᠶᠢᠯᠭᠠᠪᠠᠯ ᠪᠤᠯᠴᠢᠬᠠᠨ᠎ᠠ᠃ ᠭᠡᠪᠡᠴᠤ ᠡᠷᠳᠡᠨᠢ ᠰᠢᠰᠢ᠂ ᠰᠢᠰᠢ᠂ | ᠰᠢᠬᠢᠷᠯᠢᠭ ᠲᠦᠮᠤᠰᠤ ᠶᠢᠨ ᠬᠠᠳᠠᠭᠠᠮᠠᠯ ᠵᠡᠷᠭᠡ ᠡᠨᠧᠷᠬᠢᠳᠤ ᠪᠤᠷᠳᠤᠭ᠎ᠠ ᠪᠠᠷ ᠠᠷᠪᠢᠨ ᠲᠡᠵᠢᠭᠡᠬᠦ ᠭᠡᠷᠡᠭᠳᠡᠢ᠃ ᠰᠠᠶᠢᠨ ᠡᠬᠦᠯᠳᠡᠷ ᠤᠨ ᠦᠭᠡᠷ ᠲᠡᠵᠢᠭᠡᠵᠤ᠂ ᠲᠡᠭᠡᠳᠤ | ᠲᠡᠰ ᠤᠨ ᠦᠭᠡᠷ ᠤᠨ ᠮᠢᠬ᠎ᠠ ᠦᠢᠯᠡᠳᠪᠤᠷᠢᠯᠡᠬᠦ ᠳᠤ ᠬᠦᠷᠪᠡᠯ ᠡᠳᠤᠷ ᠤᠨ ᠪᠤᠷᠳᠤᠭᠠᠨ ᠳᠠᠬᠢ ᠤᠭᠤᠷᠠᠭ ᠪᠤᠷᠳᠤᠭ᠎ᠠ ᠶᠢᠨ ᠠᠭᠤᠯᠤᠭᠳᠠᠴᠠ ᠶᠢ ᠡ᠊ᠡᠭ ᠤᠨ ᠦᠭᠡᠷ | ᠪᠤᠷᠳᠤᠬᠤ ᠠᠴᠠ 2% 3% ᠨᠡᠮᠡᠭᠳᠡᠬᠦᠯᠬᠦ ᠭᠡᠷᠡᠭᠳᠡᠢ᠃ |