ᠮᠠᠯ ᠤᠨ ᠴᠢᠯᠠᠭᠤᠵᠢᠯ ᠢ ᠰᠤᠷᠢᠨᠵᠢᠭᠰᠠᠨ ᠤᠰᠤ ᠪᠠᠷ ᠵᠠᠰᠠᠬᠤ
ᠨᠡᠶᠢᠲᠡᠯᠡᠭᠰᠡᠨ ᠴᠠᠭ᠄
2022/4/18
      ᠤᠢᠢᠷ᠎ᠠ ᠶᠢᠨ ᠵᠢᠯ ᠤᠳ ᠲᠤ ᠠᠨᠠᠭᠠᠬᠤ ᠤᠬᠠᠭᠠᠨ ᠤ ᠬᠦᠭᠵᠢᠯᠳᠡ ᠶᠢ ᠲᠠᠭᠠᠯᠳᠤᠨ ᠪᠦᠭᠡᠷᠡᠨ ᠤ ᠴᠢᠯᠠᠭᠤᠵᠢᠯ᠂ ᠰᠦᠰᠤᠨ ᠤ ᠴᠢᠯᠠᠭᠤᠵᠢᠯ᠂ ᠲᠠᠪᠤᠰᠤᠨ ᠤ ᠴᠢᠯᠠᠭᠤᠵᠢᠯ ᠢ ᠰᠤᠷᠢᠨᠵᠢᠬᠰᠠᠨ ᠤᠰᠤ ᠪᠠᠷ ᠵᠠᠰᠠᠬᠤ ᠠᠷᠭ᠎ᠠ ᠪᠠᠷ ᠤᠯᠠᠨ ᠭᠡᠮ ᠢ ᠡᠮᠴᠢᠯᠡᠬᠦ ᠪᠤᠯᠤᠭᠰᠠᠨ ᠪᠠᠶᠢᠨ᠎ᠠ᠃ ᠰᠢᠭᠡᠰᠤᠨ ᠤ ᠴᠢᠯᠠᠭᠤᠵᠢᠯ ᠭᠡᠮ ᠤᠨ ᠡᠬᠦᠰᠬᠦ ᠰᠢᠯᠳᠠᠭᠠᠨ ᠤᠯᠠᠨ ᠪᠠᠶᠢᠵᠤ᠂ ᠴᠢᠯᠠᠭᠤᠵᠢᠯ ᠤᠨ ᠬᠢᠨᠢ ᠪᠦᠷᠢᠯᠳᠤᠬᠦᠨ ᠨᠢ ᠴᠤ ᠠᠳᠠᠯᠢ ᠦᠭᠡᠢ ᠪᠠᠶᠢᠳᠠᠭ᠃ ᠵᠢᠱᠢᠶᠠᠯᠠᠪᠠᠯ᠂ ᠬᠦᠴᠢᠯ ᠤᠨ ᠲᠠᠪᠤᠰᠤ᠂ ᠨᠡᠬᠦᠷᠡᠰᠤ ᠬᠦᠴᠢᠯ ᠤᠨ ᠲᠠᠪᠤᠰᠤ᠂ ᠰᠢᠭᠡᠰᠤᠨ ᠬᠦᠴᠢᠯ ᠤᠨ ᠲᠠᠪᠤᠰᠤ᠂ ᠡᠪᠡᠰᠤᠨ ᠬᠦᠴᠢᠯ ᠤᠨ ᠲᠠᠪᠤᠰᠤ ᠵᠡᠷᠭᠡ ᠨᠢ ᠵᠤᠬᠢᠬᠤ ᠨᠦᠬᠦᠴᠡᠯ ᠤᠨ ᠲᠤᠤᠷ᠎ᠠ ᠬᠠᠷᠢᠯᠴᠠᠨ ᠨᠢᠭᠡ ᠲᠤᠤᠷ᠎ᠠ ᠬᠤᠷᠠᠮᠳᠤᠵᠤ ᠡᠪᠡᠳᠴᠢᠨ ᠡᠬᠦᠰᠳᠡᠭ ᠪᠠᠶᠢᠨ᠎ᠠ᠃ ᠶᠠᠮᠠᠷ ᠨᠢᠭᠡᠨ ᠠᠷᠭ᠎ᠠ ᠪᠠᠷᠢᠯ ᠢᠶᠠᠷ ᠡᠳᠡᠭᠡᠷ ᠭᠧᠨ ᠤ ᠬᠠᠷᠢᠯᠴᠠᠨ ᠰᠢᠩᠭᠡᠭᠡᠬᠦ ᠦᠢᠯᠡᠳᠤᠯ ᠢ ᠬᠤᠷᠢᠭᠯᠠᠨ ᠡᠪᠳᠡᠵᠤ ᠴᠢᠳᠠᠬᠤ ᠳᠤ ᠬᠦᠷᠪᠡᠯ ᠴᠢᠯᠠᠭᠤᠵᠢᠯ ᠪᠦᠳᠤᠬᠦ ᠶᠠᠪᠤᠳᠠᠯ ᠢ ᠪᠦᠷᠢᠮᠤᠰᠤᠨ ᠰᠡᠷᠭᠡᠶᠢᠯᠡᠵᠤ ᠴᠢᠳᠠᠳᠠᠭ᠃ ᠰᠤᠷᠢᠨᠵᠢᠭᠰᠠᠨ ᠤᠰᠤ ᠨᠢ ᠶᠠᠭ ᠡᠶᠢᠮᠤ ᠦᠢᠯᠡᠳᠤᠯ ᠲᠠᠢ ᠪᠠᠶᠢᠳᠠᠭ᠂ ᠤᠰᠤ ᠰᠤᠷᠢᠨᠵᠢᠭᠤᠷ ᠢ ᠲᠡᠮᠵᠢᠭ᠌ᠰᠠᠨ ᠤ ᠲᠠᠷᠠᠭ᠎ᠠ᠂ ᠬᠤᠪᠢᠰᠤᠮᠠᠯ ᠰᠤᠷᠢᠨᠵᠢᠨ ᠤᠷᠤᠨ ᠨᠢ ᠤᠰᠤᠨ ᠲᠤᠳᠤᠷᠠᠬᠢ ᠠᠭᠤᠰᠤᠮᠠᠯ ᠪᠤᠳᠠᠰ ᠤᠨ ᠢᠶᠤᠨ ᠤ ᠬᠤᠭᠤᠷᠤᠨᠳᠤᠬᠢ ᠲᠠᠶᠢᠪᠤᠡᠭ ᠴᠠᠬᠢᠯᠭᠠᠨ ᠤ ᠬᠠᠷᠢᠯᠴᠠᠨ ᠰᠤᠷᠤᠬᠤ ᠬᠦᠴᠤᠨ ᠤ ᠦᠢᠯᠡᠳᠤᠯ ᠢ ᠡᠪᠳᠡᠳᠡᠭ ᠠᠴᠠ ᠰᠢᠭᠡᠰᠤᠨ ᠤ ᠴᠢᠯᠠᠭᠤᠵᠢᠯ ᠪᠦᠳᠤᠬᠦ ᠶᠢ ᠰᠡᠷᠭᠡᠶᠢᠯᠡᠵᠤ ᠴᠢᠳᠠᠬᠤ ᠪᠠᠷ ᠪᠠᠷᠠᠬᠤ ᠦᠭᠡᠢ ᠪᠠᠰᠠ ᠪᠦᠳᠤᠬᠦ ᠨᠦᠬᠦᠴᠡᠯ ᠢ ᠨᠢ ᠬᠤᠪᠢᠷᠠᠭᠤᠯᠵᠤ᠂ ᠴᠢᠯᠠᠭᠤᠵᠢᠯ ᠢ ᠵᠦᠭᠡᠯᠡᠷᠡᠬᠦᠯᠤᠨ ᠪᠤᠳᠠᠷᠭᠠᠵᠤ᠂ ᠰᠢᠭᠡᠰᠤ ᠪᠠᠷ ᠲᠡᠮᠵᠢᠭᠤᠯᠤᠨ ᠭᠠᠳᠠᠭᠰᠢᠯᠠᠭᠤᠯᠳᠠᠭ᠃ ᠲᠤᠤᠷ᠎ᠠ ᠪᠢ ᠡᠨᠡᠬᠦ ᠠᠷᠭ᠎ᠠ ᠪᠠᠷ ᠨᠢᠭᠡ ᠬᠠᠷᠠᠯᠠᠭ ᠦᠨᠢᠶ᠎ᠡ ᠶᠢᠨ ᠰᠢᠭᠡᠰᠤᠨ ᠤ ᠴᠢᠯᠠᠭᠤᠵᠢᠯ ᠢ ᠵᠠᠰᠠᠵᠤ ᠡᠳᠡᠭᠡᠷᠡᠬᠦᠯᠦᠭᠰᠡᠨ ᠲᠤᠬᠠᠢ ᠪᠠᠨ ᠲᠦᠬᠦᠮ ᠲᠠᠶᠢᠯᠪᠤᠷᠢᠯᠠᠶ᠎ᠠ᠄ ᠡᠨᠡᠬᠦ ᠲᠦᠷᠪᠡᠨ ᠨᠠᠰᠤᠳᠠᠢ ᠬᠠᠷᠠᠯᠠᠭ ᠦᠨᠢᠶ᠎ᠡ 1999 ᠤᠨ ᠤ ᠨᠠᠮᠤᠷ ᠰᠢᠭᠡᠰᠤᠨ ᠴᠢᠯᠠᠭᠤᠵᠢᠯ ᠡᠪᠡᠳᠴᠢᠨ ᠤᠯᠵᠠᠢ᠃ ᠬᠠᠷᠠᠯᠠᠭ ᠦᠨᠢᠶ᠎ᠡ ᠡᠪᠡᠳᠴᠢᠯᠡᠭᠰᠡᠨ ᠤ ᠰᠡᠬᠦᠯᠡᠷ ᠲᠡᠵᠢᠭᠡᠯ ᠳᠤ ᠪᠠᠨ ᠲᠤᠷᠠᠰᠢᠯ ᠢᠶᠠᠷ ᠪᠠᠷᠤᠭᠳᠠᠢ ᠪᠤᠯᠵᠤ᠂ ᠡᠴᠡᠵᠤ ᠲᠤᠷᠠᠬᠤ᠂ ᠲᠤᠭᠤᠯᠯᠠᠭᠰᠠᠨ ᠤ ᠰᠡᠬᠦᠯᠡᠷ ᠰᠢᠭᠡᠰᠤ ᠨᠢ ᠬᠠᠭᠠᠭᠳᠠᠬᠤ ᠪᠤᠶᠤ ᠰᠢᠭᠡᠬᠦ ᠳᠤ ᠪᠠᠨ ᠬᠦᠴᠢᠷᠳᠡᠬᠦ᠂ ᠨᠢᠷᠤᠭᠤ ᠪᠠᠨ ᠨᠤᠮᠤᠳᠠᠬᠤ᠂ ᠤᠬᠤᠷᠬᠠᠢ ᠨᠢ ᠰᠢᠷᠬᠢᠬᠦ᠂ ᠰᠡᠬᠦᠯ ᠢᠶᠠᠨ ᠰᠢᠷᠪᠠᠯᠵᠢᠭᠤᠯᠬᠤ᠂ ᠲᠦᠯᠢᠬᠦ ᠵᠡᠷᠭᠡ ᠰᠢᠨᠵᠢ ᠢᠯᠡᠷᠡᠪᠡ᠃ ᠡᠬᠦᠨ ᠢ ᠨᠢ ᠪᠢ ᠬᠠᠭᠠᠰ ᠪᠦᠭᠯᠡᠷᠡᠭᠰᠡᠨ ᠴᠢᠨᠠᠷᠳᠠᠢ ᠰᠢᠭᠡᠰᠤᠨ ᠤ ᠰᠦᠪᠡ ᠶᠢᠨ ᠴᠢᠯᠠᠭᠤᠵᠢᠯ ᠭᠡᠵᠤ ᠤᠨᠤᠰᠢᠯᠠᠨ ᠬᠦᠪᠴᠢᠷᠭᠡᠢ ᠶᠢᠨ ᠠᠷᠠᠰᠤᠨ ᠤ ᠠᠮᠠᠰᠠᠷ ᠲᠠᠭᠠᠤ ᠰᠢᠭᠡᠰᠤᠨ ᠤ ᠰᠦᠪᠡ ᠲᠤᠳᠤᠷᠠᠬᠢ ᠴᠢᠯᠠᠭᠤᠵᠢᠯ ᠢ ᠬᠦᠡᠭᠭᠡᠨ ᠰᠢᠪᠳᠤᠷᠤᠨ ᠭᠠᠷᠭᠠᠮᠠᠭᠴᠠ ᠰᠢᠭᠡᠰᠤ ᠨᠢ ᠲᠤᠷᠤᠭ᠎ᠠ ᠦᠭᠡᠢ ᠨᠡᠪᠳᠡᠷᠡᠪᠡ᠃ ᠲᠡᠭᠡᠭᠡᠳ ᠡᠳᠤᠷ ᠪᠦᠷᠢ ᠰᠤᠷᠢᠨᠵᠢᠭᠰᠠᠨ ᠤᠰᠤ ᠪᠠᠷ ᠤᠰᠤᠯᠠᠭᠰᠠᠨ ᠳᠤ ᠴᠢᠯᠠᠭᠤᠵᠢᠯ ᠨᠢ ᠵᠠᠳᠠᠷᠠᠵᠤ᠂ ᠠᠶᠠᠨᠳᠠᠭᠠᠨ ᠰᠢᠭᠡᠰᠤ ᠶᠢ ᠨᠢ ᠲᠠᠭᠠᠵᠤ ᠭᠠᠷᠴᠤ ᠢᠷᠡᠭᠡᠳ ᠰᠢᠭᠡᠰᠤᠨ ᠤ ᠰᠦᠪᠡ ᠨᠢ ᠨᠡᠪᠳᠡᠷᠡᠭᠰᠡᠨ ᠪᠠᠶᠢᠨ᠎ᠠ᠃      ᠲᠤᠷᠰᠢᠯᠭ᠎ᠠ ᠠᠴᠠ ᠮᠡᠳᠡᠭᠰᠡᠨ ᠨᠢ᠂ ᠲᠦᠷᠦᠯ ᠪᠦᠷᠢ ᠶᠢᠨ ᠮᠠᠯ᠂ ᠤᠨᠴᠠᠭᠠᠢᠢᠯᠠᠨ ᠬᠠᠷᠠᠯᠠᠭ ᠦᠨᠢᠶ᠎ᠡ ᠮᠠᠯᠵᠢᠬᠤ ᠲᠤᠮᠳᠠ ᠪᠠᠨ ᠮᠠᠯ ᠰᠦᠷᠦᠭ ᠢᠶᠠᠨ ᠦᠷᠬᠦᠯᠵᠢ ᠰᠤᠷᠢᠨᠵᠢᠭᠰᠠᠨ ᠤᠰᠤ ᠪᠠᠷ ᠤᠰᠤᠯᠠᠵᠤ ᠪᠠᠶᠢᠪᠠᠯ ᠮᠠᠯ ᠤᠨ ᠪᠡᠶ᠎ᠡ ᠶᠢᠨ ᠰᠢᠨ᠎ᠡ ᠬᠠᠭᠤᠴᠢᠨ ᠤ ᠰᠤᠯᠢᠯᠴᠠᠭ᠎ᠠ ᠶᠢ ᠰᠠᠶᠢᠵᠢᠷᠠᠭᠤᠯᠤᠨ᠂ ᠲᠡᠵᠢᠭᠡᠯ ᠠᠴᠠ ᠪᠤᠯᠤᠭᠰᠠᠨ ᠮᠠᠯ ᠤᠨ ᠪᠡᠶ᠎ᠡ ᠳᠤ ᠠᠰᠢᠭ ᠦᠭᠡᠢ ᠬᠤᠤᠷᠠᠳᠤ ᠵᠦᠢᠯ ᠢ ᠭᠠᠳᠠᠭᠰᠢᠯᠠᠭᠤᠯᠵᠤ ᠴᠢᠳᠠᠬᠤ ᠪᠠᠷᠠᠬᠤ ᠦᠭᠡᠢ ᠡᠪᠡᠳᠴᠢᠨ ᠢ ᠡᠰᠡᠷᠬᠦᠴᠡᠬᠦ ᠴᠢᠳᠠᠪᠤᠷᠢ ᠶᠢ ᠨᠢ ᠰᠠᠶᠢᠵᠢᠷᠠᠭᠤᠯᠵᠤ ᠴᠢᠳᠠᠨ᠎ᠠ᠃ ᠮᠦᠨᠴᠤ ᠮᠠᠯ ᠤᠨ ᠲᠠᠷᠭᠤ ᠠᠪᠬᠤ ᠳᠤ ᠨᠢ ᠰᠠᠶᠢᠨ ᠪᠦᠭᠡᠳ ᠦᠰᠤᠯᠳᠡ ᠪᠤᠶᠢᠵᠢᠯᠳᠡ ᠳᠤ ᠠᠰᠢᠭᠳᠠᠢ ᠪᠠᠶᠢᠵᠤ᠂ ᠰᠦᠨ ᠤ ᠭᠠᠷᠤᠯᠳᠠ ᠶᠢ ᠨᠡᠮᠡᠭᠳᠡᠬᠦᠯᠤᠨ᠎ᠡ᠃ ᠡᠬᠦᠨ ᠠᠴᠠ ᠭᠠᠳᠠᠨ᠎ᠠ᠂ ᠪᠠᠰᠠ ᠭᠡᠷᠡᠯ ᠤᠨ ᠠᠨᠠᠭᠠᠬᠤ ᠤᠬᠠᠭᠠᠨ ᠢᠶᠠᠷ ᠮᠠᠯ ᠤᠨ ᠴᠢᠯᠠᠭᠤᠵᠢᠯ ᠢ ᠵᠠᠰᠠᠭᠠᠳ ᠦᠢᠯᠡᠳᠤᠯ ᠢᠶᠠᠷ ᠨᠡᠯᠢᠶᠡᠳ ᠰᠠᠶᠢᠨ ᠪᠠᠶᠢᠨ᠎ᠠ᠃
ᠢᠷᠡᠯᠲᠡ᠄ ᠲᠣᠲᠣᠷᠬᠠᠢ ᠦᠭᠡᠢ