ᠡ᠊ᠡᠭ ᠤᠨ ᠪᠠᠶᠢᠳᠠᠯ ᠲᠤᠤᠷ᠎ᠠ ᠰᠠᠭᠠᠯᠢ ᠶᠢᠨ ᠦᠨᠢᠶᠠᠨ ᠤ ᠭᠡᠮᠨᠡᠭᠰᠡᠨ ᠨᠢ ᠲᠡᠶᠢᠮᠤ ᠬᠦᠨᠳᠤ ᠨᠤᠴᠢᠳᠠᠢ ᠪᠢᠰᠢ ᠪᠤᠯ ᠨᠢᠶᠠᠨ ᠲᠠᠷᠤᠭᠴᠢ ᠶᠢ ᠭᠡᠷᠡᠭᠯᠡᠵᠤ ᠪᠤᠯᠬᠤ | ᠦᠭᠡᠢ᠃ ᠭᠡᠷᠪᠡ ᠡᠷᠭᠡᠪᠰᠢ ᠨᠢᠶᠠᠨ ᠲᠠᠷᠤᠭᠴᠢ ᠶᠢ ᠭᠡᠷᠡᠭᠯᠡᠬᠦ ᠴᠢᠬᠤᠯᠠᠳᠠᠢ ᠪᠤᠯᠤᠭᠰᠠᠨ ᠪᠤᠯ ᠬᠠᠮᠤᠭ ᠤᠨ ᠰᠠᠶᠢᠨ ᠨᠢ ᠲᠠᠷᠢᠯᠭ᠎ᠠ ᠶᠢᠨ ᠠᠷᠭ᠎ᠠ ᠶᠢ ᠭᠡᠷᠡᠭᠯᠡᠨ᠎ᠡ᠃ ᠬᠠᠷᠢᠨ | ᠡᠮ ᠤᠤᠭᠤᠯᠭᠠᠵᠤ ᠪᠤᠯᠬᠤ ᠦᠭᠡᠢ᠃ ᠤᠴᠢᠷ ᠨᠢ ᠦᠭᠡᠷ ᠪᠤᠯ ᠭᠡᠷᠭᠡᠨᠡᠭ᠂ ᠰᠠᠷᠬᠢᠨᠠᠭ᠂ ᠬᠤᠳᠤᠭᠤᠳᠤ᠂ ᠬᠦᠵᠡᠭᠡ ᠲᠠᠢ ᠠᠮᠢᠳᠠᠨ ᠪᠤᠯᠬᠤᠷ ᠡᠮ ᠴᠢᠳᠬᠤᠬᠤ ᠳᠤ | ᠨᠢᠶᠠᠨ ᠲᠠᠷᠤᠭᠴᠢ ᠨᠢ ᠰᠠᠭᠠᠯᠢ ᠶᠢᠨ ᠦᠨᠢᠶᠠᠨ ᠤ ᠬᠦᠵᠡᠭᠡ ᠶᠢᠨ ᠭᠡᠰᠡᠭ ᠲᠠᠬᠢ ᠠᠰᠢᠭᠳᠠᠢ ᠮᠢᠺᠷᠤᠪ ᠢ ᠠᠯᠠᠵᠤ᠂ ᠬᠦᠵᠡᠭᠡᠨ ᠳᠠᠬᠢ ᠮᠢᠺᠷᠤᠪ ᠤᠨ ᠪᠦᠯᠦᠭᠯᠡᠯ ᠤᠨ | ᠲᠡᠩᠴᠡᠬᠦᠷᠢ ᠶᠢ ᠠᠯᠳᠠᠭᠤᠯᠬᠤ ᠪᠤᠯᠤᠨ᠎ᠠ᠃ ᠰᠠᠭᠠᠯᠢ ᠶᠢᠨ ᠦᠨᠢᠶ᠎ᠡ ᠭᠡᠭᠡᠯᠳᠤᠬᠦ ᠠᠴᠠ ᠡᠮᠤᠨ᠎ᠡ ᠬᠢᠵᠢᠭ ᠰᠡᠷᠭᠡᠶᠢᠯᠡᠨ ᠪᠤᠶᠢᠵᠢᠯᠳᠠ ᠶᠢ ᠨᠢ ᠠᠬᠢᠭᠤᠯᠬᠤ ᠶᠢᠨ ᠲᠦᠯᠦᠭᠡ | ᠵᠤᠬᠢᠬᠤ ᠭᠡᠮᠵᠢᠶᠠᠨ ᠤ ᠨᠢᠶᠠᠨ ᠲᠠᠷᠤᠭᠴᠢ ᠪᠠᠷ ᠲᠡᠵᠢᠭᠡᠵᠤ ᠪᠤᠯᠤᠨ᠎ᠠ᠃ ᠰᠠᠭᠠᠯᠢ ᠶᠢᠨ ᠦᠨᠢᠶᠠᠨ ᠳᠤ ᠨᠢᠶᠠᠨ ᠲᠠᠷᠤᠭᠴᠢ ᠲᠠᠷᠢᠬᠤ ᠲᠤᠭ᠎ᠠ ᠶᠢ ᠴᠤ ᠪᠤᠯᠬᠤ ᠶᠢᠨ | ᠲᠤᠳᠤᠷ᠎ᠠ ᠪᠠᠭ᠎ᠠ ᠪᠠᠶᠢᠯᠭᠠᠨ᠎ᠠ᠃ ᠤᠴᠢᠷ ᠨᠢ ᠰᠠᠭᠠᠯᠢ ᠶᠢᠨ ᠦᠨᠢᠶ᠎ᠡ ᠶᠡᠷᠤ ᠨᠢ ᠠᠶᠤᠮᠠᠳᠠᠭᠠᠢ᠂ ᠬᠤᠷᠴᠠ ᠰᠡᠷᠭᠡᠭ ᠪᠠᠶᠢᠳᠠᠭ ᠠᠴᠠ ᠲᠠᠷᠢᠯᠭ᠎ᠠ ᠲᠠᠷᠢᠬᠤ ᠦᠶᠡᠰ ᠤᠨ | ᠰᠡᠳᠡᠯᠳᠡ ᠨᠢ ᠦᠨᠢᠶᠠᠨ ᠤ ᠰᠦ ᠶᠢᠨ ᠭᠠᠷᠤᠯᠳᠠ ᠶᠢ ᠨᠦᠯᠦᠭᠡᠯᠡᠬᠦ ᠪᠤᠯᠤᠨ᠎ᠠ᠃ ᠸᠠᠺᠼᠢᠨ ᠲᠠᠷᠢᠬᠤ ᠨᠢ ᠴᠤ ᠰᠦ ᠶᠢᠨ ᠭᠠᠷᠤᠯᠳᠠ ᠶᠢ ᠨᠦᠯᠦᠭᠡᠯᠡᠨ᠎ᠡ᠃ | ᠤᠨᠴᠠᠭᠠᠢᠢᠯᠠᠨ ᠠᠭᠠᠬᠢᠮ᠎ᠠ ᠬᠠᠯᠠᠭᠤᠨ ᠳᠤ ᠲᠠᠷᠢᠵᠤ ᠨᠡᠩ ᠪᠤᠯᠬᠤ ᠦᠭᠡᠢ᠃ |