ᠡᠷᠳᠡᠨᠢ ᠰᠢᠰᠢ ᠶᠢᠨ ᠡᠷᠢᠶᠡᠨ ᠲᠤᠯᠪᠤᠳᠤ ᠡᠪᠡᠳᠴᠢᠨ
ᠨᠡᠶᠢᠲᠡᠯᠡᠭᠰᠡᠨ ᠴᠠᠭ᠄
2022/3/23
      ᠢᠯᠡᠷᠡᠯ᠄ ᠡᠷᠳᠡᠨᠢ ᠰᠢᠰᠢ ᠶᠢᠨ ᠡᠷᠢᠶᠡᠨ ᠲᠤᠯᠪᠤᠳᠤ ᠡᠪᠡᠳᠴᠢᠨ ᠨᠢ ᠭᠤᠤᠯᠳᠠᠭᠤ ᠡᠷᠳᠡᠨᠢ ᠰᠢᠰᠢ ᠶᠢᠨ ᠨᠠᠪᠴᠢ᠂ ᠨᠠᠪᠴᠢ ᠶᠢᠨ ᠲᠤᠭᠳᠤᠢ ᠪᠠ ᠪᠠᠭᠯᠠᠭᠴᠢ ᠨᠠᠪᠴᠢ ᠶᠢ ᠬᠦᠨᠦᠬᠡᠳᠡᠭ᠃ ᠨᠠᠪᠴᠢᠨ ᠳᠤ ᠡᠪᠡᠳᠴᠢᠨ ᠬᠠᠯᠳᠠᠪᠤᠷᠢᠯᠠᠭᠳᠠᠪᠠᠯ ᠤᠷᠢᠳᠠᠪᠠᠷ ᠤᠰᠤᠨ ᠳᠤ ᠨᠤᠷᠤᠭᠰᠠᠨ ᠪᠠᠶᠢᠳᠠᠯ ᠲᠠᠢ ᠬᠦᠨ ᠦᠨᠡᠰᠦᠨ ᠦᠩᠭᠡ ᠲᠠᠢ ᠲᠤᠯᠪᠤ ᠭᠠᠷᠴᠤ᠂ ᠲᠠᠷᠠᠭ᠎ᠠ ᠨᠢ ᠨᠠᠪᠴᠢ ᠶᠢᠨ ᠰᠣᠳᠠᠰᠣ ᠲᠠᠭᠠᠤ ᠬᠢ ᠬᠤᠶᠠᠷ ᠬᠡᠰᠡᠭ ᠢᠶᠠᠷ ᠦᠷᠬᠡᠳᠦᠨ᠎ᠡ᠂ ᠬᠦᠪᠡᠭᠡ ᠨᠢ ᠬᠦᠨ ᠬᠦᠷᠡᠩ ᠦᠩᠭᠡ ᠲᠠᠢ᠂ ᠲᠤᠮᠳᠠ ᠨᠢ ᠬᠦᠩᠭᠡᠨ ᠬᠦᠷᠡᠩ ᠦᠩᠭᠡ ᠲᠠᠢ ᠪᠤᠶᠤ ᠬᠦᠨ ᠦᠨᠡᠰᠦᠨ ᠦᠩᠭᠡ ᠲᠠᠢ ᠶᠡᠭᠡ ᠲᠤᠯᠪᠤ ᠪᠤᠯᠵᠤ ᠪᠦᠷᠢᠯᠳᠦᠨ᠎ᠡ᠃ ᠬᠦᠨᠳᠦᠷᠡᠪᠡᠯ ᠡᠪᠡᠳᠴᠢᠨ ᠤ ᠲᠤᠯᠪᠤ ᠨᠢ ᠨᠠᠶᠢᠯᠠᠵᠤ ᠨᠠᠪᠴᠢ ᠨᠢ ᠰᠢᠷᠠᠯᠠᠵᠤ ᠬᠤᠪᠠᠭ᠋ᠠᠶᠢᠷᠠᠭᠠᠳ ᠦᠬᠦᠬᠦ ᠬᠡᠮᠵᠢᠶᠡᠨ ᠳᠤ ᠬᠦᠷᠳᠡᠭ᠃ ᠴᠢᠬᠢᠭ ᠲᠠᠢ ᠦᠶᠡᠰ ᠡᠪᠡᠳᠴᠢᠨ ᠤ ᠲᠤᠯᠪᠤ ᠶᠢᠨ ᠲᠡᠭᠡᠷ᠎ᠡ ᠶᠡᠭᠡ ᠬᠡᠮᠵᠢᠶᠡᠨ ᠤ ᠬᠦᠨ ᠬᠠᠷ᠎ᠠ ᠦᠩᠭᠡ ᠲᠠᠢ ᠬᠦᠬᠡᠴᠦ ᠭᠠᠷᠤᠨ᠎ᠠ᠃      ᠡᠷᠳᠡᠨᠢ ᠰᠢᠰᠢ ᠶᠢᠨ ᠡᠷᠢᠶᠡᠨ ᠲᠤᠯᠪᠤᠳᠤ ᠡᠪᠡᠳᠴᠢᠨ  ᠢ ᠰᠡᠷᠬᠡᠶᠢᠯᠡᠨ ᠵᠠᠰᠠᠬᠤ ᠠᠷᠭ᠎ᠠ᠄         1. ᠡᠪᠡᠳᠴᠢᠨ ᠢ ᠲᠠᠷᠤᠬᠤ ᠡᠪᠡᠳᠴᠢᠨ ᠳᠤ ᠲᠡᠰᠪᠦᠷᠢᠳᠡᠢ ᠲᠦᠷᠦᠯ ᠵᠦᠢᠯ ᠢ ᠰᠤᠩᠭᠤᠵᠤ ᠶᠡᠭᠡ ᠪᠠᠭ᠎ᠠ ᠲᠤᠯᠪᠤᠳᠤ ᠡᠪᠡᠳᠴᠢᠨ ᠢ ᠡᠰᠡᠷᠬᠦᠴᠡᠵᠦ ᠴᠢᠳᠠᠬᠤ ᠡᠷᠳᠡᠨᠢ ᠰᠢᠰᠢ ᠶᠢᠨ ᠰᠣᠯᠪᠢᠴᠠᠭᠤᠯᠤᠭᠰᠠᠨ ᠵᠦᠢᠯ ᠲᠠᠢ ᠬᠠᠪᠰᠤᠷᠭᠠᠨ᠎ᠠ᠃ 2  ᠭᠤᠤᠷᠰᠤ ᠬᠠᠯᠠᠬᠤ ᠡᠭᠡᠯᠵᠢᠯᠡᠨ ᠲᠠᠷᠢᠬᠤ ᠲᠦᠷᠢᠮ ᠢ ᠬᠡᠷᠡᠭᠵᠢᠬᠦᠯᠵᠦ᠂ ᠭᠤᠤᠷᠰᠤ ᠰᠤᠯᠢᠬᠤ ᠦᠬᠡᠢ ᠪᠠᠷ ᠲᠠᠷᠢᠬᠤ  ᠠᠴᠠ ᠵᠠᠶᠢᠯᠠᠰᠬᠢᠬᠦ ᠬᠡᠷᠡᠭᠳᠡᠢ᠃ ᠨᠠᠮᠤᠷ ᠤᠨ ᠤᠯᠠᠷᠢᠯ ᠳᠤ ᠭᠠᠵᠠᠷ ᠰᠢᠷᠤᠢ ᠶᠢ ᠬᠦᠨ ᠤᠷᠪᠠᠭᠤᠯᠵᠤ᠂ ᠡᠪᠡᠳᠴᠢᠨ ᠤ ᠦᠯᠡᠳᠡᠭᠳᠡᠯ ᠢ ᠬᠦᠨ ᠤᠷᠪᠠᠭᠤᠯᠤᠨ᠂ ᠪᠠᠺᠲ᠋ᠧᠷᠢ ᠶᠢᠨ ᠡᠬᠢ ᠶᠢ ᠠᠷᠢᠯᠭᠠᠬᠤ ᠭᠡᠷᠡᠭᠳᠡᠢ᠃ ᠰᠢᠳᠠᠭᠠᠯᠭ᠎ᠠ ᠳᠤ ᠬᠡᠷᠡᠭᠯᠡᠬᠦ ᠡᠷᠳᠡᠨᠢ ᠰᠢᠰᠢ ᠶᠢᠨ ᠡᠰᠢ ᠰᠦᠷᠡᠯ ᠢ ᠬᠠᠪᠤᠷ ᠪᠤᠯᠤᠭᠰᠠᠨ ᠤ ᠲᠠᠷᠠᠭ᠎ᠠ ᠡᠷᠳᠡᠬᠡᠨ ᠰᠡᠢᠳᠪᠦᠷᠢᠯᠡᠪᠡᠯ ᠡᠷᠳᠡᠨᠢ ᠰᠢᠰᠢ ᠶᠢᠨ ᠮᠢᠩ ᠬᠤᠷᠤᠬᠠᠢ ᠶᠢ ᠬᠠᠮᠳᠤ ᠳᠤᠨᠢ ᠰᠡᠷᠬᠡᠶᠢᠯᠡᠨ ᠵᠠᠰᠠᠵᠤ ᠴᠢᠳᠠᠨ᠎ᠠ᠃ ᠦᠯᠡᠳᠡᠪᠦᠷᠢ ᠡᠳ᠋ ᠢᠶᠠᠷ ᠪᠤᠷᠳᠤᠭᠤᠷ ᠪᠤᠯᠭᠠᠬᠤ ᠳᠠᠭᠠᠨ ᠬᠦᠢᠴᠡᠳ ᠢᠯᠵᠠᠷᠠᠭᠤᠯᠤᠨ ᠪᠤᠯᠪᠠᠰᠤᠷᠠᠭᠤᠯᠵᠤ ᠡᠰᠢ ᠰᠦᠷᠡᠯ ᠤᠨ ᠪᠤᠷᠳᠤᠭᠤᠷ ᠢ ᠡᠷᠳᠡᠨᠢ ᠰᠢᠰᠢ ᠳᠤ ᠬᠡᠷᠡᠭᠯᠡᠬᠦ ᠦᠬᠡᠢ ᠪᠤᠯ ᠬᠠᠮᠤᠭ ᠰᠠᠶᠢᠨ᠃ 3. ᠲᠠᠷᠢᠵᠤ ᠤᠷᠭᠤᠭᠤᠯᠬᠤ ᠮᠡᠷᠭᠡᠵᠢᠯ ᠢᠶᠠᠨ ᠰᠠᠶᠢᠵᠢᠷᠠᠭᠤᠯᠵᠤ᠂ ᠡᠷᠳᠡᠨᠢ ᠰᠢᠰᠢ ᠶᠢᠨ ᠡᠪᠡᠳᠴᠢᠨ ᠡᠰᠡᠷᠭᠦᠴᠡᠬᠦ ᠴᠢᠨᠠᠷ ᠢ ᠨᠡᠮᠡᠭᠳᠡᠬᠦᠯᠬᠦ ᠬᠡᠷᠡᠭᠳᠡᠢ᠃ ᠵᠤᠨ ᠤ ᠤᠯᠠᠷᠢᠯ  ᠤᠨ ᠡᠷᠳᠡᠨᠢ ᠰᠢᠰᠢ ᠶᠢ ᠡᠷᠳᠡ ᠲᠠᠷᠢᠪᠠᠯ ᠡᠪᠡᠳᠴᠢᠨ ᠡᠭᠦᠰᠬᠦ ᠶᠢ ᠪᠠᠭᠠᠰᠬᠠᠵᠤ ᠴᠢᠳᠠᠨ᠎ᠠ᠃ ᠪᠤᠭᠤᠳᠠᠢ ᠪᠤᠯᠤᠨ ᠰᠢᠬᠢᠷᠯᠢᠭ ᠲᠦᠮᠦᠰᠦ ᠶᠢ ᠠᠯᠠᠭᠯᠠᠨ ᠲᠠᠷᠢᠵᠤ ᠦᠷᠬᠡᠨ ᠨᠠᠷᠢᠨ ᠵᠤᠷᠬ᠎ᠠ ᠭᠠᠷᠭᠠᠵᠤ ᠲᠠᠷᠢᠬᠤ ᠬᠡᠷᠡᠭᠳᠡᠢ᠃ ᠵᠤᠬᠢᠰᠳᠠᠢ ᠤᠰᠤᠯᠠᠵᠤ᠂ ᠬᠤᠳᠤᠭᠤᠷ ᠭᠠᠵᠠᠷ ᠤᠨ ᠲᠠᠷᠢᠶᠠᠨ ᠤ ᠣᠰᠣ ᠶᠢ ᠲᠠᠳᠠᠷᠠᠭᠤᠯᠬᠤ ᠶᠢ ᠠᠩᠬᠠᠷᠬᠤ ᠬᠷᠡᠭᠳᠡᠢ᠃ 4.  ᠡᠮ ᠢᠶᠠᠷ ᠰᠡᠷᠬᠡᠶᠢᠯᠡᠨ ᠵᠠᠰᠠᠬᠤ᠄  ᠲᠤᠰ ᠭᠠᠵᠠᠷ ᠤᠨ ᠲᠠᠷᠢᠶᠠᠯᠠᠩ ᠤᠨ ᠰᠢᠨᠵᠢᠯᠡᠭᠡ ᠮᠡᠷᠭᠡᠵᠢᠯ ᠤᠨ ᠰᠠᠯᠠᠭ᠎ᠠ ᠮᠦᠴᠢᠷ ᠠᠴᠠ ᠯᠠᠪᠯᠠᠨ ᠠᠰᠠᠭᠤᠵᠤ᠂ ᠲᠠᠷᠢᠶᠠᠨ ᠡᠮ ᠢ ᠵᠤᠬᠢᠰᠳᠠᠢ ᠬᠡᠷᠡᠭᠯᠡᠬᠦ ᠬᠡᠷᠡᠭᠳᠡᠢ᠃
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ