ᠦᠨᠳᠦᠷ ᠤᠨᠠᠯᠳᠠᠳᠣ ᠰᠠᠭᠠᠭ ᠲᠠᠷᠢᠬᠤ ᠮᠡᠷᠭᠡᠵᠢᠯ
ᠨᠡᠶᠢᠲᠡᠯᠡᠭᠰᠡᠨ ᠴᠠᠭ᠄
2022/3/16
     ᠰᠠᠭᠠᠭ ᠤᠨ ᠤᠨᠠᠯᠳᠠ ᠶᠢ ᠨᠦᠯᠦᠬᠡᠯᠡᠬᠦ ᠭᠤᠤᠯ ᠬᠦᠴᠦᠨ ᠵᠦᠢᠯ ᠪᠤᠯ ᠰᠠᠭᠠᠭ ᠤᠨ ᠴᠡᠴᠡᠭᠯᠡᠬᠦ ᠬᠤᠭᠤᠴᠠᠭᠠᠨ ᠳᠠᠬᠢ ᠠᠭᠤᠷ ᠠᠮᠢᠰᠬᠤᠯ ᠤᠨ ᠨᠦᠬᠦᠴᠡᠯ ᠤᠨ ᠬᠤᠪᠢᠷᠠᠯᠳᠠ᠂ ᠲᠤᠭᠤᠰᠤ ᠲᠠᠮᠵᠢᠭᠤᠯᠬᠤ ᠨᠤᠷᠮ᠎ᠠ ᠳᠤ ᠪᠤᠢ᠃     ᠨᠢᠬᠡ᠂ ᠰᠠᠭᠠᠭ ᠢ ᠲᠠᠷᠢᠵᠤ ᠠᠷᠠᠴᠢᠯᠠᠬᠤ ᠳᠤ ᠠᠭᠤᠷ ᠠᠮᠢᠰᠬᠤᠯ ᠪᠠ ᠬᠦᠷᠦᠰᠦ ᠰᠢᠷᠤᠢ ᠶᠢᠨ ᠨᠦᠬᠦᠴᠡᠯ᠃ ᠶᠡᠷᠦ ᠶᠢᠨ ᠪᠠᠶᠢᠳᠠᠯ ᠳᠤ ᠰᠠᠭᠠᠭ ᠲᠠᠷᠢᠭᠰᠠᠨ ᠤ ᠲᠠᠷᠠᠭ᠎ᠠ ᠲᠤᠯᠠᠭᠠᠨ ᠤ ᠬᠡᠮᠵᠢᠶ᠎ᠡ 15  —16  ᠭᠷᠠᠳᠦ᠋ᠰ ᠪᠠᠶᠢᠪᠠᠯ ᠬᠠᠮᠤᠭ ᠲᠤᠬᠢᠷᠠᠮᠵᠢᠳᠠᠢ ᠶᠤᠮ᠃ ᠴᠡᠴᠡᠭᠯᠡᠬᠦ ᠬᠤᠭᠤᠴᠠᠭᠠᠨ ᠳᠠᠬᠢ ᠡᠬᠢᠨ ᠤ 10 ᠡᠳᠦᠷ ᠲᠤ ᠬᠡᠷᠪᠡ ᠲᠤᠤᠷ᠎ᠠ ᠲᠤᠯᠠᠭᠠᠨ ᠬᠠᠷᠭᠤᠪᠠᠯ ᠰᠠᠭᠠᠭ ᠤᠨ ᠦᠷᠡᠯᠡᠬᠦ ᠳᠤ ᠮᠠᠭᠤ ᠨᠦᠯᠦᠬᠡ ᠦᠭᠬᠦ ᠪᠤᠯᠤᠨ᠎ᠠ᠃ ᠰᠠᠭᠠᠭ ᠪᠤᠯ ᠴᠢᠬᠢᠭ ᠤᠨ ᠬᠡᠮᠵᠢᠶ᠎ᠡ ᠳᠤ ᠴᠤ ᠮᠠᠰᠢ ᠦᠨᠳᠦᠷ ᠱᠠᠭᠠᠷᠳᠠᠯᠭ᠎ᠠ ᠲᠠᠢ ᠪᠠᠶᠢᠳᠠᠭ᠃ ᠲᠠᠷᠢᠭᠰᠠᠨ ᠤ ᠲᠠᠷᠠᠭᠠᠬᠢ ᠡᠬᠢᠨ ᠤ 10 ᠡᠳᠦᠷ ᠲᠤ ᠬᠠᠮᠤᠭ ᠲᠤᠬᠢᠷᠠᠮᠵᠢᠳᠠᠢ ᠪᠤᠷᠤᠭᠠᠨ ᠤ ᠬᠡᠮᠵᠢᠶ᠎ᠡ ᠪᠤᠯ 70mm ᠪᠠᠶᠢᠳᠠᠭ᠃ ᠰᠠᠭᠠᠭ ᠤᠨ ᠤᠨᠠᠯᠳᠠ ᠨᠢ ᠬᠦᠷᠦᠰᠦ ᠰᠢᠷᠤᠢ ᠶᠢᠨ ᠨᠦᠬᠦᠴᠡᠯ ᠲᠠᠢ ᠨᠢᠭᠳᠠ ᠬᠠᠷᠢᠴᠠᠭ᠎ᠠ ᠲᠠᠢ᠃ ᠡᠯᠡᠰᠦᠷᠭᠡᠭ ᠬᠦᠷᠦᠰᠦᠨ ᠳᠤ ᠲᠠᠷᠢᠪᠠᠯ ᠨᠢᠭᠳᠠ ᠶᠢᠨ ᠬᠡᠮᠵᠢᠶ᠎ᠡ ᠨᠢ ᠲᠤᠮᠳᠠ ᠲᠦᠯᠦᠪ ᠲᠠᠢ᠂ ᠲᠠᠴᠢᠷ ᠨᠢᠮᠬᠡᠨ ᠬᠦᠷᠦᠰᠦᠨ ᠳᠤ ᠲᠠᠷᠢᠪᠠᠯ ᠤᠨᠠᠯᠳᠠ ᠨᠢ ᠲᠤᠤᠷ᠎ᠠ ᠪᠤᠶᠤ ᠡᠰᠡᠬᠦᠯ᠎ᠡ ᠮᠦᠬᠦᠯᠢᠭ ᠠᠮᠤ ᠤᠯᠬᠤ ᠦᠬᠡᠢ ᠪᠤᠯᠬᠤ ᠪᠤᠯᠤᠯᠴᠠᠭ᠎ᠠ  ᠲᠠᠢ᠃     ᠬᠤᠶᠠᠷ᠂ ᠰᠠᠭᠠᠭ ᠤᠨ ᠤᠷᠭᠤᠯᠳᠠ ᠶᠢᠨ ᠨᠦᠬᠦᠴᠡᠯ ᠤᠨ ᠱᠠᠭᠠᠷᠳᠠᠯᠭ᠎ᠠ᠃ ᠬᠡᠷᠡᠯ ᠤᠨ ᠲᠤᠰᠤᠯᠳᠠ ᠨᠠᠷᠠᠨ ᠤ ᠲᠤᠰᠤᠯᠳᠠ ᠨᠢ ᠰᠠᠭᠠᠭ ᠤᠨ ᠤᠷᠭᠤᠵᠤ ᠪᠤᠯᠪᠠᠰᠤᠷᠠᠬᠤ ᠳᠤ ᠵᠤᠬᠢᠬᠤ ᠬᠡᠮᠵᠢᠶᠡᠨ ᠤ ᠨᠦᠯᠦᠬᠡ ᠲᠠᠢ᠃ ᠰᠠᠭᠠᠭ ᠪᠤᠯ ᠤᠬᠤᠷ ᠬᠡᠷᠡᠯᠰᠡᠭ ᠤᠷᠭᠤᠮᠠᠯ ᠶᠤᠮ᠃ ᠡᠩ ᠤᠨ ᠰᠠᠭᠠᠭ ᠨᠢ ᠨᠡᠷᠡᠨ ᠤ ᠬᠡᠷᠡᠯ ᠳᠤ ᠰᠡᠷᠭᠡᠭ ᠪᠠᠶᠢᠳᠠᠭ᠃ ᠭᠠᠰᠢᠭᠤᠨ ᠰᠠᠭᠠᠭ ᠨᠠᠷᠠᠨ ᠤ ᠬᠡᠷᠡᠯ ᠳᠤ ᠴᠢᠩᠭ᠎ᠠ ᠱᠠᠭᠠᠷᠳᠠᠯᠭ᠎ᠠ ᠦᠬᠡᠢ᠃ ᠠᠳᠠᠯᠢ ᠨᠢᠬᠡᠨ ᠲᠦᠷᠦᠯ ᠤᠨ ᠰᠠᠭᠠᠭ ᠢ ᠬᠠᠪᠤᠷ ᠲᠠᠷᠢᠪᠠᠯ ᠴᠡᠴᠡᠭᠯᠡᠬᠦ ᠨᠢ ᠤᠷᠤᠶᠢᠳᠠᠵᠤ ᠤᠷᠭᠤᠯᠳᠠ ᠶᠢᠨ ᠬᠤᠭᠤᠴᠠᠭ᠎ᠠ ᠨᠢ ᠤᠷᠳᠤ ᠪᠤᠯᠳᠠᠭ᠃  ᠵᠤᠨ ᠨᠠᠮᠤᠷ ᠲᠠᠷᠢᠪᠠᠯ ᠴᠡᠴᠡᠭᠯᠡᠬᠦ ᠨᠢ ᠡᠷᠳᠡ᠂ ᠤᠷᠭᠤᠯᠳᠠ ᠶᠢᠨ ᠬᠤᠭᠤᠴᠠᠭ᠎ᠠ ᠨᠢ ᠤᠬᠤᠷ ᠪᠤᠯᠳᠠᠭ᠃ ᠴᠡᠴᠡᠭᠯᠡᠬᠦ ᠦᠷᠡᠯᠡᠬᠦ ᠬᠤᠭᠤᠴᠠᠭᠠᠨ ᠳᠤ ᠬᠡᠷᠡᠯ ᠤᠨ ᠲᠤᠰᠤᠯᠳᠠ ᠬᠦᠢᠴᠡᠳ ᠦᠬᠡᠢ ᠴᠡᠴᠡᠭ ᠵᠢᠮᠢᠰ ᠨᠢ ᠤᠨᠠᠵᠤ ᠦᠷᠡᠯᠡᠬᠦ ᠨᠤᠷᠮ᠎ᠠ ᠨᠢ ᠲᠤᠷᠤᠭᠰᠢᠯᠠᠨ ᠬᠤᠷᠢᠶᠠᠯᠳᠠ ᠬᠠᠰᠤᠭᠳᠠᠨ᠎ᠠ᠃ ᠬᠤᠯᠪᠤᠭᠳᠠᠯ ᠪᠦᠬᠦᠢ ᠲᠤᠷᠰᠢᠯᠳᠠ ᠶᠢ ᠦᠨᠳᠦᠰᠦᠯᠡᠪᠡᠯ᠂  ᠭᠠᠰᠢᠭᠤᠨ ᠰᠠᠭᠠᠭ ᠨᠢ 7 — 8 ᠭᠷᠠᠳᠦ᠋ᠰ  ᠤᠨ ᠦᠶ᠎ᠡ ᠳᠤ ᠰᠤᠶᠤᠭᠠᠯᠠᠵᠤ᠂ 12 ᠭᠷᠠᠳᠦ᠋ᠰ ᠠᠴᠠ ᠲᠡᠭᠡᠭᠰᠢ ᠪᠤᠯᠬᠤ ᠦᠶ᠎ᠡ ᠳᠤ ᠴᠢᠬᠢᠯᠡᠬᠦ ᠨᠤᠷᠮ᠎ᠠ ᠨᠢ 90% ᠠᠴᠠ ᠲᠡᠭᠡᠭᠰᠢ ᠪᠠᠶᠢᠳᠠᠭ᠃ ᠬᠡᠳᠡᠯ᠎ᠡ ᠡᠩ ᠤᠨ ᠰᠠᠭᠠᠭ ᠤᠨ ᠰᠤᠶᠤᠭᠠᠯᠠᠬᠤ ᠪᠠ ᠴᠢᠬᠢᠯᠡᠬᠦ ᠳᠤ ᠲᠤᠯᠠᠭᠠᠨ ᠤ ᠱᠠᠭᠠᠷᠳᠠᠯᠭ᠎ᠠ ᠨᠢ ᠭᠠᠰᠢᠭᠤᠨ ᠰᠠᠭᠠᠭ ᠠᠴᠠ ᠦᠨᠳᠦᠷ᠂ 10 ᠭᠷᠠᠳᠦ᠋ᠰ  ᠤᠨ ᠦᠶ᠎ᠡ ᠳᠤ ᠦᠷ᠎ᠡ ᠨᠢ ᠰᠣᠶᠣᠭᠠᠯᠠᠵᠤ᠂ 14 ᠭᠷᠠᠳᠦ᠋ᠰ ᠬᠦᠷᠬᠦ ᠦᠶ᠎ᠡ ᠳᠤ ᠴᠢᠬᠢᠯᠡᠬᠦ ᠨᠤᠷᠮ᠎ᠠ ᠨᠢ 90% ᠠᠴᠠ ᠲᠡᠭᠡᠭᠰᠢ ᠪᠤᠯᠳᠠᠭ᠃
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ