ᠦᠬᠡᠷ ᠤᠨ ᠰᠠᠴᠣᠷᠠᠭ ᠪᠠᠺᠲ᠋ᠧᠷᠢ ᠶᠢᠨ ᠡᠪᠡᠳᠴᠢᠨ ᠢ ᠴᠠᠭᠠᠨ ᠭᠦᠨᠴᠡᠯᠳᠦ ᠴᠠᠭᠠᠰᠤᠨ ᠤᠷᠢᠶᠠᠮᠠᠭ ᠢᠶᠠᠷ ᠡᠮᠨᠡᠵᠦ ᠪᠤᠯᠤᠨ᠎ᠠ᠃ | 1. 7 ᠰᠡᠨᠲ᠋ᠢᠮᠧᠲᠷ ᠦᠷᠭᠡᠨ᠂ 17 ᠰᠡᠨᠲ᠋ᠢᠮᠧᠲᠷ ᠤᠷᠳᠤ ᠴᠠᠭᠠᠨ ᠮᠤᠤᠳᠤᠤ ᠴᠠᠭᠠᠰᠤ ᠶᠢ ᠲᠡᠯᠬᠡᠬᠡᠳ ᠨᠢᠮᠬᠡᠨ ᠨᠠᠭᠠᠯᠳᠠ ᠲᠦᠷᠬᠢᠵᠦ᠂ ᠠᠭᠠᠯᠳᠠ ᠲᠠᠢ | ᠲᠠᠯ᠎ᠠ ᠶᠢ ᠨᠢ ᠲᠤᠳᠤᠭᠰᠢ ᠬᠠᠨᠳᠤᠭᠤᠯᠤᠨ ᠤᠷᠢᠶᠠᠵᠤ᠂ ᠴᠠᠭᠠᠰᠤᠨ ᠤᠷᠢᠶᠠᠮᠠᠭ ᠪᠤᠯᠭᠠᠨ᠎ᠠ᠃ ᠭᠠᠳᠠᠭᠤᠷ ᠨᠢ ᠪᠠᠰᠠ ᠨᠢᠬᠡ ᠲᠠᠪᠬᠤᠷ ᠨᠠᠭᠠᠯᠳᠠ ᠲᠦᠷᠬᠢᠬᠡᠳ ᠴᠠᠭᠠᠨ | ᠬᠦᠨᠴᠡᠯ ᠤᠨ ᠲᠠᠯᠬ᠎ᠠ ᠶᠢ ᠨᠠᠭᠠᠯᠳᠤᠭᠤᠯᠤᠨ᠎ᠠ᠃ ᠡᠨᠡ ᠬᠦ᠋ ᠡᠮᠳᠦ ᠤᠷᠢᠶᠠᠮᠠᠭ ᠢᠶᠠᠨ ᠠᠶ᠎ᠠ ᠪᠠᠷ ᠨᠢ ᠬᠠᠳᠠᠭᠠᠨ ᠡᠪᠳᠡᠢ ᠬᠠᠳᠠᠭᠠᠯᠠᠵᠤ ᠲᠠᠯᠪᠢᠨ᠎ᠠ᠃ | 2. ᠢᠳᠡᠬᠡᠯᠡᠭᠰᠡᠨ ᠡᠪᠡᠳᠴᠢᠨ ᠤ ᠭᠤᠯᠤᠮᠳᠠ ᠶᠢ ᠤᠷᠢᠳ ᠢᠶᠠᠷ ᠦᠰᠦ ᠶᠢ ᠨᠢ ᠬᠢᠷᠭᠠᠵᠤ ᠠᠷᠢᠭᠤᠳᠬᠠᠭᠰᠠᠨ ᠤ ᠲᠠᠷᠠᠭ᠎ᠠ ᠮᠠᠰᠠ ᠵᠠᠰᠠᠯ ᠤᠨ ᠬᠢᠳᠤᠭ᠎ᠠ ᠪᠤᠶᠤ | ᠲᠤᠮᠳᠠ ᠦᠷᠭᠡᠨ ᠬᠠᠨᠠᠭᠤᠷ ᠢᠶᠠᠷ ᠬᠠᠪᠤᠳᠠᠷ ᠤᠨ ᠭᠤᠤᠯ ᠢ ᠰᠡᠳᠡᠯᠵᠦ ᠢᠳᠡᠭᠡ ᠶᠢ ᠭᠠᠷᠭᠠᠨ᠎ᠠ᠃ ᠡᠪᠡᠳᠴᠢᠨ ᠤ ᠭᠤᠯᠤᠮᠳᠠ ᠨᠢ ᠨᠢᠬᠡᠮᠦᠰᠦᠨ ᠢᠳᠡᠬᠡᠯᠡᠵᠦ | ᠬᠦᠢᠴᠡᠭᠡᠳ ᠬᠠᠭᠠᠷᠠᠭᠰᠠᠨ ᠪᠤᠯᠪᠠᠴᠤ ᠨᠦᠬᠡ ᠨᠢ ᠪᠠᠭ᠎ᠠ᠂ ᠢᠳᠡᠭᠡ ᠶᠢ ᠨᠢ ᠭᠠᠷᠭᠠᠵᠤ ᠴᠢᠳᠠᠬᠤ ᠦᠬᠡᠢ ᠪᠤᠶᠤ ᠡᠮᠳᠦ ᠴᠠᠭᠠᠰᠤᠨ ᠤᠷᠢᠶᠠᠮᠠᠭ ᠢ ᠬᠠᠳᠬᠤᠨ | ᠤᠷᠤᠭᠤᠯᠬᠤ ᠳᠤ ᠲᠦᠬᠦᠮ ᠦᠬᠡᠢ ᠪᠤᠯ ᠨᠦᠬᠡ ᠶᠢ ᠵᠤᠬᠢᠬᠤ ᠬᠡᠮᠵᠢᠶ᠎ᠡ ᠪᠠᠷ ᠶᠡᠭᠡᠰᠬᠡᠵᠦ ᠪᠤᠯᠤᠨ᠎ᠠ᠃ | 3. ᠡᠮᠳᠦ ᠤᠷᠢᠶᠠᠮᠠᠭ ᠢᠶᠠᠨ ᠨᠦᠬᠡ ᠪᠠᠷ ᠨᠢ ᠬᠠᠳᠬᠤᠨ ᠤᠷᠤᠭᠤᠯᠵᠤ ᠭᠠᠳᠠᠨᠠᠬᠢ ᠦᠵᠦᠬᠦᠷ ᠢ ᠨᠢ ᠬᠠᠶᠢᠴᠢᠯᠠᠵᠤ ᠬᠠᠶᠠᠨ᠎ᠠ᠃ ᠢᠩᠭᠢᠬᠡᠳ ᠨᠢᠬᠡ ᠭᠠᠷᠠᠭ | ᠪᠤᠯᠪᠠᠯ ᠡᠪᠡᠳᠴᠢᠨ ᠤ ᠭᠤᠯᠤᠮᠳᠠ ᠪᠤᠯᠤᠨ ᠡᠷᠡᠬᠦᠯ ᠠᠷᠠᠰᠤ ᠬᠤᠶᠠᠷ ᠤᠨ ᠵᠠᠪᠰᠠᠷ ᠴᠠᠭᠠᠷᠢᠭ ᠬᠡᠯᠪᠡᠷᠢ ᠲᠠᠢ ᠵᠠᠪᠰᠠᠷ ᠭᠠᠷᠤᠨ᠎ᠠ᠃ ᠰᠠᠷ᠎ᠠ ᠪᠤᠯᠪᠠᠯ ᠡᠪᠡᠳᠴᠢᠨ ᠤ | ᠭᠤᠯᠤᠮᠳᠠ ᠨᠢ ᠰᠠᠭᠤᠷᠢ ᠪᠠᠷ ᠪᠠᠨ ᠪᠤᠯᠳᠠᠷᠠᠵᠤ ᠤᠨᠠᠬᠤ ᠶᠢᠨ ᠬᠠᠮᠳᠤ ᠡᠷᠡᠬᠦᠯ ᠡᠳ᠋ ᠨᠡᠬᠡᠳᠡᠰᠦ ᠤᠷᠭᠤᠵᠤ ᠠᠨᠠᠭᠠᠳ ᠡᠳᠡᠬᠡᠷᠡᠬᠦ ᠪᠤᠯᠤᠨ᠎ᠠ᠃ |