ᠠᠳᠣᠭᠤᠨ ᠤ ᠡᠪᠡᠷᠯᠢᠭ ᠪᠦᠷᠬᠦᠪᠴᠢ ᠶᠢᠨ ᠦᠷᠪᠢᠰᠦᠯ ᠢ ᠵᠠᠰᠠᠬᠤ ᠠᠷᠭ᠎ᠠ
ᠨᠡᠶᠢᠲᠡᠯᠡᠭᠰᠡᠨ ᠴᠠᠭ᠄
2022/2/10
    ᠠᠳᠣᠭᠤᠨ ᠤ ᠡᠪᠡᠷᠯᠢᠭ ᠪᠦᠷᠬᠦᠪᠴᠢ ᠶᠢᠨ ᠦᠷᠪᠢᠰᠦᠯ ᠤᠯᠣᠭᠰᠠᠨ ᠮᠤᠷᠢᠨ ᠤ ᠨᠠᠮᠵᠢᠭᠤᠨ ᠰᠣᠳᠠᠯ ᠳᠤ ᠦᠵᠦᠮ ᠤᠨ ᠰᠢᠬᠢᠷᠳᠦ ᠢᠦᠳᠦᠳᠦ ᠺᠠᠯᠢ ᠶᠢᠨ ᠠᠭᠤᠰᠤᠮᠠᠯ ᠲᠠᠷᠢᠬᠤ ᠠᠷᠭ᠎ᠠ ᠪᠠᠷ ᠵᠠᠰᠠᠪᠠᠯ ᠰᠠᠶᠢᠨ ᠦᠷ᠎ᠡ ᠪᠦᠳᠦᠮᠵᠢ ᠲᠠᠢ ᠪᠠᠶᠢᠳᠠᠭ᠃ ᠡᠬᠦᠨ ᠳᠤ ᠢᠦᠳᠦᠳᠦ ᠺᠠᠯᠢ 5 ᠭᠷᠡᠮ ᠢ 5% ᠰᠢᠬᠢᠷ ᠲᠠᠪᠤᠰᠤ ᠲᠠᠢ ᠤᠰᠤ 500ml ᠲᠤ ᠠᠭᠤᠰᠬᠠᠭᠠᠳ ᠨᠠᠮᠵᠢᠭᠤᠨ ᠰᠣᠳᠠᠯ ᠳᠤ ᠨᠢ ᠲᠠᠷᠢᠨ᠎ᠠ᠃ ᠡᠳᠦᠷ ᠲᠤ ᠨᠢᠬᠡ ᠤᠳᠠᠭ᠎ᠠ᠂ ᠦᠷᠭᠦᠯᠵᠢᠯᠡᠨ 3 —5 ᠡᠳᠦᠷ ᠲᠠᠷᠢᠨ᠎ᠠ᠃ ᠦᠵᠦᠮ ᠤᠨ ᠰᠢᠬᠢᠷᠳᠦ ᠢᠦᠳᠦᠳᠦ ᠺᠠᠯᠢ ᠶᠢᠨ ᠠᠭᠤᠰᠤᠮᠠᠯ ᠮᠤᠷᠢᠨ ᠤ ᠡᠪᠡᠷᠯᠢᠭ ᠪᠦᠷᠬᠦᠪᠴᠢ ᠶᠢᠨ ᠦᠷᠪᠢᠰᠦᠯ ᠢ ᠵᠠᠰᠠᠬᠤ ᠳᠤ ᠰᠠᠶᠢᠨ ᠲᠤᠬᠢᠷᠠᠵᠤ᠂ ᠨᠢᠳᠤᠨ ᠤ ᠡᠪᠡᠷᠯᠢᠭ ᠪᠦᠷᠬᠦᠪᠴᠢ ᠶᠢᠨ ᠢᠳᠡᠭᠡ ᠮᠦᠷᠳᠦᠬᠦ ᠦᠷᠪᠢᠰᠦᠯ ᠢ ᠵᠠᠰᠠᠬᠤ ᠳᠤ ᠲᠤᠬᠢᠷᠠᠬᠤ ᠦᠬᠡᠢ᠃ ᠦᠵᠦᠮ ᠤᠨ ᠰᠢᠬᠢᠷᠳᠦ ᠢᠦᠳᠦᠳᠦ ᠺᠠᠯᠢ ᠶᠢᠨ ᠠᠭᠤᠰᠤᠮᠠᠯ ᠢ ᠨᠠᠮᠵᠢᠭᠤᠨ ᠰᠣᠳᠠᠯ ᠳᠤ ᠨᠢ ᠠᠭᠠᠵᠢᠮᠬᠠᠨ ᠲᠠᠷᠢᠬᠤ ᠬᠡᠷᠡᠭᠳᠡᠢ᠃ ᠦᠬᠡᠢ ᠪᠤᠯ ᠮᠠᠯ ᠤᠨᠤᠭ᠎ᠠ ᠮᠠᠨᠠᠷᠠᠵᠤ ᠮᠡᠳᠡᠨ᠎ᠡ᠃ ᠦᠵᠦᠮ ᠤᠨ ᠰᠢᠬᠢᠷᠳᠦ ᠢᠦᠳᠦᠳᠦ ᠺᠠᠯᠢ ᠶᠢᠨ ᠠᠭᠤᠰᠤᠮᠠᠯ ᠢ ᠨᠠᠶᠢᠷᠠᠭᠤᠯᠤᠭᠰᠠᠨ ᠲᠠᠷᠤᠢ ᠳᠠᠭᠠᠨ ᠬᠡᠷᠡᠭᠯᠡᠬᠦ ᠬᠡᠷᠡᠭᠳᠡᠢ᠃ ᠣᠳᠠᠭᠠᠨ ᠲᠠᠯᠪᠢᠪᠠᠯ ᠦᠵᠦᠮ ᠤᠨ ᠰᠢᠬᠢᠷᠳᠦ ᠲᠠᠪᠤᠰᠤᠨ ᠠᠭᠤᠰᠤᠮᠠᠯ ᠲᠤᠳᠤᠷᠠᠬᠢ ᠪᠠᠭ᠎ᠠ ᠬᠡᠮᠵᠢᠶᠡᠨ ᠤ ᠰᠢᠬᠢᠷ ᠪᠤᠯᠤᠨ ᠢᠦᠳᠦᠳᠦ ᠺᠠᠯᠢ ᠶᠢ ᠨᠢ ᠠᠭᠠᠵᠢᠮ ᠢᠶᠠᠷ ᠤᠷᠪᠠᠯᠳᠤᠵᠤ ᠦᠢᠯᠡᠳᠦᠯ ᠢᠶᠠᠨ ᠠᠯᠳᠠᠬᠤ ᠪᠤᠯᠤᠨ᠎ᠠ᠃
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ