ᠤᠭᠤᠷᠠᠭ ᠰᠢᠳᠦ ᠶᠢᠨ ᠡᠷᠡᠭᠦᠯ ᠮᠡᠨᠳᠦ ᠨᠢ ᠪᠠᠶᠢᠡᠭᠭᠤ ᠶᠢᠨ ᠰᠢᠳᠦ᠂ ᠠᠮᠠᠨ ᠬᠥᠨᠳᠡᠶ᠂ ᠡᠷᠡᠦ ᠲᠦᠭᠦᠰᠢ ᠶᠢᠨ ᠬᠡᠰᠡᠭ ᠴᠢᠨᠠᠭᠰᠢᠯᠠᠪᠠᠯ ᠪᠦᠬᠦ ᠪᠡᠶ᠎ᠡ ᠶᠢᠨ ᠬᠡᠪ ᠤᠨ | ᠪᠤᠶᠢᠵᠢᠯᠲᠠ᠂ ᠠᠪᠢᠶᠠᠯᠠᠬᠤ ᠡᠷᠭᠡᠳᠡᠨ ᠵᠡᠷᠭᠡ ᠳᠤ ᠪᠦᠷ ᠮᠠᠰᠢ ᠴᠢᠬᠤᠯᠠ ᠨᠦᠯᠦᠭᠡ ᠲᠠᠢ ᠪᠠᠶᠢᠳᠠᠭ᠃ ᠰᠢᠳᠦ ᠬᠤᠷᠣᠬᠠᠶᠢᠲᠤᠬᠤ ᠶᠢ ᠰᠡᠷᠭᠡᠶᠢᠯᠡᠬᠦ ᠳᠤ ᠡᠩ | ᠲᠡᠷᠢᠭᠦᠨ ᠳᠤ ᠨᠢᠯᠬ᠎ᠠ ᠬᠡᠦᠬᠡᠳ ᠤᠨ ᠠᠮᠠᠨ ᠬᠥᠨᠳᠡᠶ ᠶᠢᠨ ᠠᠷᠢᠭᠤᠨ ᠴᠡᠪᠡᠷ ᠤᠨ ᠳᠠᠳᠬᠠᠯ ᠠᠴᠠ ᠭᠠᠷᠳᠠᠬᠤ ᠬᠡᠷᠡᠭᠲᠡᠶ᠃ ᠨᠢᠯᠬ᠎ᠠ ᠬᠡᠦᠬᠡᠳ ᠤᠨ ᠤᠭᠤᠷᠠᠭ ᠰᠢᠳᠦ | ᠭᠠᠷᠬᠤ ᠠᠴᠠ ᠡᠮᠦᠨ᠎ᠡ᠂ ᠭᠡᠷ ᠤᠨ ᠠᠬᠠᠮᠠᠳ ᠨᠢ ᠡᠳᠦᠷ ᠪᠦᠷᠢ ᠬᠡᠦᠬᠡᠳ ᠤᠨ ᠢᠶᠠᠨ ᠠᠮᠠᠨ ᠬᠥᠨᠳᠡᠢ ᠶᠢ ᠴᠡᠪᠡᠷᠯᠡᠵᠦ ᠥᠭᠬᠦ ᠬᠡᠷᠡᠭᠲᠡᠢ᠃ ᠠᠩᠬᠠᠨ ᠤ ᠤᠭᠤᠷᠠᠭ | ᠰᠢᠳᠦ ᠨᠢ ᠴᠤᠬᠤᠶᠢᠵᠤ ᠭᠠᠷᠤᠭᠰᠠᠨ ᠤ ᠳᠠᠷᠠᠭ᠎ᠠ᠂ ᠬᠡᠷ ᠤᠨ ᠠᠬᠠᠮᠠᠳ ᠨᠢ ᠪᠠᠺᠲ᠋ᠧᠷᠢ ᠥᠬᠡᠶ ᠱᠠ ᠪᠥᠰ ᠢ ᠹᠢᠽᠢᠣᠯᠣᠭᠢ ᠶᠢᠨ ᠳᠠᠪᠤᠰᠤ ᠲᠠᠢ ᠤᠰᠤ ᠪᠤᠶᠤ | ᠪᠤᠴᠠᠯᠤᠭᠰᠠᠨ ᠤᠰᠤᠨ ᠳᠤ ᠳᠦᠷᠦᠵᠦ ᠰᠢᠳᠦ ᠶᠢ ᠵᠦᠯᠬᠦᠵᠦ ᠦᠭᠭᠦ᠂ ᠡᠰᠡᠬᠦᠯ᠎ᠡ ᠬᠤᠷᠤᠭᠤᠨ ᠳᠤ ᠤᠬᠯᠠᠬᠰᠠᠨ ᠲᠤᠰᠬᠠᠶ ᠰᠢᠳᠦᠨ ᠱᠦ᠋ᠧᠠᠰᠠ ᠪᠠᠷ ︽ | ᠲᠤᠭᠤᠷᠢᠭᠤᠯᠤᠨ ᠱᠦ᠋ᠧᠠᠰᠳᠠᠬᠤ︾ ᠠᠷᠭ᠎ᠠ ᠪᠠᠷ ᠨᠢᠯᠬ᠎ᠠ ᠬᠡᠦᠬᠡᠳ ᠤᠨ ᠢᠶᠠᠨ ᠰᠢᠳᠦ ᠶᠢ ᠱᠦ᠋ᠧᠠᠰᠳᠠᠵᠤ ᠦᠭᠭᠦ ᠶᠢᠨ ᠬᠠᠮᠳᠤ ᠪᠤᠶᠢᠯᠠ ᠶᠢ ᠨᠢ ᠨᠤᠬᠤᠯᠠᠵᠤ ᠥᠭᠴᠦ | ᠪᠤᠯᠤᠨ᠎ᠠ᠃ ᠣᠯᠠᠨ ᠤᠭᠤᠷᠠᠭ ᠰᠢᠳᠦ ᠭᠠᠷᠤᠭᠰᠠᠨ ᠤ ᠳᠠᠷᠠᠭ᠎ᠠ᠂ ᠬᠡᠦᠬᠡᠳ ᠤᠨ ᠰᠢᠳᠦᠨ ᠱᠦ᠋ᠧᠠᠰᠠ ᠶᠢ ᠰᠣᠯᠢᠵᠤ ᠠᠳᠠᠯᠢᠬᠠᠨ ᠠᠷᠭ᠎ᠠ ᠪᠠᠷ ᠬᠡᠦᠬᠡᠳ ᠤᠨ ᠢᠶᠠᠨ ᠠᠮᠠᠨ | ᠬᠥᠨᠳᠡᠶ ᠶᠢ ᠴᠡᠪᠡᠷᠯᠡᠵᠦ ᠦᠭᠭᠦ ᠬᠡᠷᠡᠭᠲᠡᠶ ᠬᠡᠪᠡ᠃ ᠬᠡᠦᠬᠡᠳ ᠤᠨ ᠠᠷᠠᠭ᠎ᠠ ᠰᠢᠳᠦ ᠰᠣᠶᠣᠭᠠᠯᠠᠨ ᠭᠠᠷᠬᠤ ᠦᠶ᠎ᠡ ᠳᠤ᠂ ᠠᠷᠠᠭ᠎ᠠ ᠰᠢᠳᠦ ᠨᠢ ᠬᠤᠲᠣᠭᠤᠷ ᠭᠦᠳᠦᠭᠦᠷ ᠵᠠᠶ | ᠵᠠᠪᠰᠠᠷ ᠲᠠᠢ ᠮᠦᠷᠳᠡᠭᠡᠨ ᠲᠡᠭᠰᠢ ᠦᠭᠡᠢ ᠪᠠᠶᠢᠳᠠᠭ᠂ ᠡᠲᠡᠭᠡᠷ ᠬᠤᠲᠣᠭᠤᠷ ᠭᠦᠳᠦᠭᠦᠷ ᠵᠠᠶ ᠵᠠᠪᠰᠠᠷ ᠤᠨ ᠬᠢᠨᠢ ᠬᠤᠭᠤᠷᠤᠨᠳᠤ ᠪᠠᠺᠲ᠋ᠧᠷᠢ ᠮᠠᠰᠢ ᠠᠮᠠᠷᠬᠠᠨ ᠬᠤᠷᠠᠮᠳᠤᠨ | ᠴᠤᠬᠯᠠᠷᠠᠵᠤ ᠪᠠᠶᠢᠳᠠᠭ᠃ ᠰᠢᠳᠦᠨ ᠵᠠᠶ ᠵᠠᠪᠰᠠᠷ ᠢ ᠨᠢ ᠪᠦᠭᠯᠡᠪᠡᠯ ᠭᠡᠦᠭᠡᠳ ᠤᠨ ᠰᠢᠳᠤ ᠬᠤᠷᠣᠬᠠᠶᠢᠲᠤᠬᠤ ᠶᠢ ᠪᠦᠲᠦᠮᠵᠢᠲᠡᠶ ᠰᠡᠷᠭᠡᠶᠢᠯᠡᠵᠦ ᠴᠢᠳᠠᠨ᠎ᠠ᠃ 3 - 5 | ᠨᠠᠰᠤᠨ ᠤ ᠦᠶ᠎ᠡ ᠪᠣᠯ ᠬᠡᠦᠬᠡᠳ ᠤᠨ ᠡᠯ᠎ᠡ ᠵᠦᠢᠯ ᠤᠨ ᠰᠢᠳᠦ ᠬᠤᠷᠣᠬᠠᠶᠢᠲᠤᠬᠤ ᠡᠪᠡᠳᠴᠢᠨ ᠣᠯᠠᠨ ᠡᠭᠦᠰᠬᠦ ᠬᠤᠭᠤᠴᠠᠭ᠎ᠠ ᠪᠣᠯᠤᠨ᠎ᠠ᠂ ᠬᠡᠦᠬᠡᠳ ᠤᠨ ᠰᠢᠳᠤᠨ ᠤ | ᠵᠠᠢ ᠵᠠᠪᠰᠠᠷ ᠬᠤᠷᠣᠬᠠᠶᠢᠲᠤᠬᠤ ᠠᠴᠠ ᠭᠠᠳᠠᠨ᠎ᠠ᠂ ᠡᠨᠡᠬᠦ ᠬᠤᠭᠤᠴᠠᠭᠠᠨ ᠳᠤ ᠬᠡᠦᠬᠡᠳ ᠤᠨ ᠰᠢᠳᠦᠨ ᠳᠤ ᠬᠤᠪᠢᠷᠠᠯᠳᠠ ᠭᠠᠷᠴᠤ᠂ ᠰᠢᠳᠦ ᠳᠤᠨᠢ ᠵᠠᠪᠰᠠᠷ ᠭᠠᠷᠳᠠᠭ᠂ | ᠡᠶᠢᠮᠦ ᠠᠴᠠ ᠢᠳᠡᠭᠡᠨ ᠬᠡᠦᠬᠡᠳ ᠤᠨ ᠰᠢᠳᠦᠨ ᠤ ᠵᠠᠪᠰᠠᠷ ᠳᠤᠨᠢ ᠠᠮᠠᠷᠬᠠᠨ ᠤᠷᠤᠵᠤ᠂ ᠰᠢᠳᠦ ᠶᠢ ᠨᠢ ᠬᠤᠷᠣᠬᠠᠶᠢᠲᠤᠭᠤᠯᠳᠠᠭ᠃ ᠰᠢᠳᠦ ᠬᠤᠷᠣᠬᠠᠶᠢᠲᠤᠬᠤ | ᠡᠪᠡᠳᠴᠢᠨ ᠢ ᠡᠷᠳᠡᠭᠡᠨ ᠡᠮᠨᠡᠨ ᠵᠠᠰᠠᠭᠤᠯᠪᠠᠯ ᠴᠠᠭ ᠨᠢ ᠣᠬᠤᠷ᠂ ᠡᠪᠡᠷᠰᠢᠶᠡᠯ ᠨᠢ ᠪᠠᠭ᠎ᠠ᠂ ᠵᠠᠰᠠᠯᠳᠠ ᠠᠪᠬᠤ ᠪᠠᠷ ᠰᠠᠶᠢᠨ ᠪᠠᠶᠢᠳᠠᠭ᠃ ᠬᠡᠷᠪᠡ ᠴᠠᠭ ᠲᠤᠬᠠᠶ ᠳᠤᠨᠢ | ᠡᠮᠨᠡᠨ ᠵᠠᠰᠠᠭᠤᠯᠬᠤ ᠦᠭᠡᠢ ᠪᠣᠯ ᠪᠠᠶᠢᠡᠭᠭᠤ ᠶᠢᠨ ᠰᠢᠳᠦᠨ ᠤ ᠪᠤᠶᠢᠵᠢᠯᠲᠠ ᠶᠢ ᠨᠥᠯᠥᠭᠡᠯᠡᠵᠦ᠂ ᠡᠷᠡᠦ ᠶᠠᠰᠤ ᠪᠠ ᠰᠢᠳᠦᠨ ᠤ ᠵᠢᠭᠰᠠᠭᠠᠯᠳᠠ ᠶᠢ ᠨᠦᠯᠦᠭᠡᠯᠡᠬᠦ | ᠠᠰᠠᠭᠤᠳᠠᠯ ᠭᠠᠷᠬᠤ ᠶᠢᠨ ᠤᠯᠠᠮ ᠢᠶᠠᠷ ᠬᠡᠦᠬᠡᠳ ᠤᠨ ᠪᠡᠶ᠎ᠡ ᠰᠡᠳᠬᠢᠯ ᠤᠨ ᠡᠷᠡᠭᠦᠯ ᠮᠡᠨᠳᠦ ᠶᠢ ᠨᠦᠯᠦᠭᠡᠯᠡᠬᠦ ᠪᠤᠯᠤᠨ᠎ᠠ ᠬᠡᠵᠦ ᠰᠠᠨᠠᠭᠤᠯᠣᠶ᠎ᠠ᠃ | |