ᠠᠳᠡᠭᠦᠷᠡᠯ ᠨᠢᠭᠡ᠄ ᠤᠷᠭᠤᠮᠠᠯ ᠤᠨ ᠲᠣᠰᠣ ᠶᠢ ᠰᠣᠩᠭᠤᠵᠣ ᠪᠠᠶᠢᠬᠤ ᠨᠢ ︽ᠺᠤᠯᠧᠰᠲ᠋ᠧᠷᠤᠯ ᠦᠭᠡᠶ︾ ᠬᠡᠵᠤ ᠦᠵᠡᠵᠳᠡᠭ᠃ ᠦᠨᠡᠨ ᠳᠡᠭᠡᠨ ᠤᠷᠭᠤᠮᠠᠯ ᠤᠨ | ᠲᠣᠰᠣ ᠳᠤ ᠴᠥᠮ ᠺᠤᠯᠧᠰᠲ᠋ᠧᠷᠤᠯ ᠠᠭᠤᠯᠬᠤ ᠦᠭᠡᠶ ᠣᠴᠢᠷ ᠠᠴᠠ ᠤᠷᠭᠤᠮᠠᠯ ᠤᠨ ᠲᠣᠰᠣ ᠬᠤᠳᠠᠯᠳᠤᠨ ᠠᠪᠬᠤ ᠦᠶᠡᠰ ᠰᠠᠪᠠᠨ ᠳᠡᠭᠡᠷ᠎ᠡ ᠨᠢ ︽ᠺᠤᠯᠧᠰᠲ᠋ᠧᠷᠤᠯ | ᠠᠭᠤᠯᠬᠤ ᠦᠭᠡᠶ︾ ᠬᠡᠵᠤ ᠪᠢᠴᠢᠵᠤ ᠪᠠᠶᠢᠬᠤ ᠡᠰᠡᠬᠦ ᠶᠢ ᠬᠠᠮᠢᠶᠠᠷᠬᠤ ᠬᠡᠷᠡᠭ ᠦᠭᠡᠢ᠃ | ᠠᠳᠡᠭᠦᠷᠡᠯ ᠬᠤᠶᠠᠷ᠄ ᠰᠢᠬᠠᠭᠰᠠᠨ ᠲᠤᠰᠣ ᠨᠢ ᠨᠡᠪᠴᠢᠭᠦᠯᠦᠭᠰᠡᠨ ᠲᠣᠰᠣᠨ ᠠᠴᠠ ᠰᠠᠶᠢᠨ ᠭᠡᠵᠦ ᠦᠵᠡᠳᠡᠭ᠃ ᠦᠨᠡᠨ ᠳᠡᠭᠡᠨ ᠲᠤᠰᠤ ᠶᠢ ᠰᠢᠬᠠᠵᠤ ᠭᠠᠷᠭᠠᠭᠰᠠᠨ | ᠴᠤ ᠲᠡᠷᠡ᠂ ᠨᠡᠪᠴᠢᠭᠦᠯᠵᠦ ᠭᠠᠷᠭᠠᠭᠰᠠᠨ ᠴᠤ ᠲᠡᠷᠡ᠂ ᠵᠢᠩᠬᠢᠨᠢ ᠦᠢᠯᠡᠳᠪᠦᠷᠢ ᠶᠢᠨ ᠦᠢᠯᠡᠳᠪᠦᠷᠢᠯᠡᠭᠰᠡᠨ ᠪᠥᠭᠡᠳ ᠶᠠᠰᠤ ᠴᠢᠨᠠᠷ ᠤᠨ ᠪᠠᠷᠢᠮᠵᠢᠶ᠎ᠠ ᠳᠤ ᠨᠡᠶᠢᠴᠡᠭᠰᠡᠨ | ᠲᠤᠰᠤ ᠯᠠ ᠶᠤᠮ ᠪᠣᠯ ᠴᠥᠮ ᠰᠠᠨᠠᠭ᠎ᠠ ᠠᠮᠤᠷ ᠢᠳᠡᠵᠦ ᠪᠣᠯᠤᠨ᠎ᠠ᠃ ᠥᠪᠡᠷ ᠢᠶᠠᠨ ᠦᠢᠯᠡᠳᠪᠦᠷᠢᠯᠡᠭᠰᠡᠨ᠂ ᠲᠠᠷᠣᠢ ᠴᠤᠯᠤ ᠭᠠᠷ ᠢᠶᠠᠷ ᠰᠢᠬᠠᠵᠤ ᠭᠠᠷᠭᠠᠭᠰᠠᠨ | ᠲᠣᠰᠣᠨ ᠤ ᠲᠤᠬᠠᠶ᠂ ᠣᠨᠴᠠᠭᠠᠶᠢᠯᠠᠨ ᠯᠣᠬᠠᠱᠧᠩ ᠤᠨ ᠲᠣᠰᠣ ᠶᠢ ᠣᠶᠢᠯᠡᠳᠬᠦ ᠶᠠᠪᠤᠴᠠ ᠳᠤ ᠰᠢᠷ᠎ᠠ ᠬᠥᠷᠥᠩᠭᠡ ᠶᠢᠨ ᠬᠥᠭᠡᠴᠦ ᠶᠢᠨ ᠬᠤᠤᠷᠲᠤ ᠡᠳ᠋ ᠤᠨ | ᠪᠤᠵᠠᠷᠳᠤᠯ ᠤᠨ ᠠᠰᠠᠭᠤᠳᠠᠯ ᠣᠷᠣᠰᠢᠵᠤ᠂ ᠣᠷᠳᠣ ᠬᠤᠭᠤᠴᠠᠭ᠎ᠠ ᠪᠠᠷ ᠢᠳᠡᠪᠡᠯ ᠡᠷᠡᠭᠦᠯ ᠮᠡᠨᠳᠦ ᠳᠤ ᠬᠤᠤᠷ ᠬᠥᠨᠥᠭᠡᠯ ᠤᠴᠠᠷᠠᠭᠤᠯᠵᠤ ᠮᠡᠳᠡᠨ᠎ᠡ᠃ | ᠠᠳᠡᠭᠦᠷᠡᠯ ᠭᠤᠷᠪᠠ᠄ ᠨᠢᠭᠡ ᠤᠳᠠᠭ᠎ᠠ ᠳᠤ ᠨᠢᠭᠡ ᠲᠣᠮᠣ ᠬᠦᠨᠦᠭ ᠲᠣᠰᠣ ᠬᠤᠳᠠᠯᠳᠤᠨ ᠠᠪᠳᠠᠭ ᠤᠨ ᠦᠨᠡᠨ ᠪᠠᠶᠢᠲᠠᠯ᠄ ᠦᠨᠡᠨ ᠳᠡᠭᠡᠨ ᠬᠡᠳᠦ᠋ᠢᠪᠡᠷ ᠬᠢᠮᠳᠠ | ᠪᠣᠯᠪᠠᠴᠤ᠂ ᠶᠠᠰᠤ ᠴᠢᠨᠠᠷ ᠨᠢ ᠳᠣᠷᠣᠭᠰᠢᠯᠠᠨ᠎ᠠ᠃ ᠲᠣᠮᠣ ᠬᠦᠨᠦᠭ ᠲᠠᠢ ᠲᠤᠰᠤ ᠳᠤ ᠶᠡᠷᠦ ᠨᠢ ᠬᠤᠶᠠᠷ ᠠᠰᠠᠭᠤᠳᠠᠯ ᠣᠷᠣᠰᠢᠵᠤ ᠪᠠᠶᠢᠳᠠᠭ᠄ | 1 . ᠢᠳᠡᠰᠢᠨ ᠲᠣᠰᠤ ᠶᠢ ᠪᠠᠷᠤᠭ ᠪᠦᠷ ᠰᠦᠯᠢᠶᠣᠣ ᠬᠦᠨᠦᠭ ᠲᠤ ᠬᠢᠳᠡᠭ ᠪᠣᠯᠬᠤᠷ ᠵᠠᠷᠢᠮ ᠰᠤᠳᠤᠯᠭᠠᠨ ᠳᠤ ᠬᠡᠯᠡᠬᠦ ᠪᠠᠷ᠂ ᠢᠳᠡᠭᠡᠨ ᠤ ᠲᠣᠰᠣᠨ ᠤ ᠰᠠᠪᠠ | ᠰᠠᠭᠠᠯᠢ ᠶᠢᠨ ᠮᠠᠲ᠋ᠧᠷᠢᠶᠠᠯ ᠳᠣᠲᠣᠷᠠᠬᠢ ᠨᠠᠯᠠᠷᠠᠭᠤᠯᠤᠭᠴᠢ ᠡᠳ᠋ ᠨᠢ ᠢᠳᠡᠰᠢᠨ ᠲᠣᠰᠣᠨ ᠳᠤ ᠠᠭᠤᠰᠳᠠᠭ᠃ | 2 . ᠭᠡᠷᠡᠯ ᠨᠡᠪᠲᠡᠷᠡᠬᠦ ᠴᠢᠨᠠᠷ ᠨᠡᠯᠢᠶᠡᠳ ᠰᠠᠶᠢᠨ ᠤᠴᠢᠷ ᠠᠴᠠ ᠬᠡᠷᠪᠡ ᠬᠠᠳᠠᠭᠠᠯᠠᠬᠤ ᠨᠢ ᠵᠣᠬᠢᠰ ᠦᠭᠡᠢ᠂ ᠤᠷᠲᠤ ᠬᠤᠭᠤᠴᠠᠭ᠎ᠠ ᠪᠠᠷ ᠨᠡᠷᠡᠨ ᠤ ᠭᠡᠷᠡᠯ ᠤᠨ | ᠡᠭᠴᠡ ᠲᠤᠰᠤᠯᠲᠠ ᠶᠢ ᠬᠦᠷᠲᠡᠬᠦ ᠵᠢᠴᠢ ᠪᠢᠲᠡᠭᠦᠮᠵᠢ ᠶᠢ ᠨᠡᠭᠡᠭᠡᠭᠰᠡᠨ ᠤ ᠳᠠᠷᠠᠭ᠎ᠠ ᠪᠢᠲᠡᠭᠦᠮᠵᠢᠯᠡᠬᠦ ᠴᠢᠨᠠᠷ ᠳᠣᠷᠣᠭᠰᠢᠯᠠᠬᠤ ᠵᠡᠷᠭᠡ ᠬᠦᠴᠦᠨ ᠵᠦᠢᠯ ᠪᠠᠶᠢᠪᠠᠯ ᠢᠳᠡᠰᠢᠨ | ᠲᠣᠰᠣᠨ ᠤ ᠢᠰᠦᠯᠳᠦᠵᠦ ᠴᠢᠨᠠᠷ ᠬᠤᠪᠢᠷᠠᠬᠤ ᠶᠢ ᠲᠦᠷᠭᠡᠳᠬᠡᠨ᠎ᠡ᠃ ᠤᠳᠠᠭᠠᠨ ᠲᠠᠯᠪᠢᠭᠰᠠᠨ ᠢᠳᠡᠰᠢᠨ ᠲᠣᠰᠣ ᠠᠴᠠ ᠬᠤᠷᠰᠢᠬᠰᠠᠨ ᠦᠨᠦᠷ ᠦᠨᠦᠷᠲᠦᠭᠲᠡᠲᠡᠭ᠂ | ᠡᠨᠡ ᠨᠢ ᠳᠠᠷᠤᠶ ᠲᠣᠰᠣᠨ ᠤ ᠢᠰᠦᠯᠳᠦᠯ ᠠᠴᠠ ᠪᠣᠯᠤᠭᠰᠠᠨ ᠶᠤᠮ᠃ ᠡᠶᠢᠮᠤ ᠲᠤᠰᠤᠨ ᠤ ᠠᠮᠲᠠ ᠨᠢ ᠪᠠᠭᠤᠷᠠᠬᠤ ᠪᠠᠷ ᠪᠠᠷᠠᠬᠤ ᠦᠭᠡᠢ ᠪᠠᠰᠠ ᠡᠷᠡᠭᠦᠯ ᠴᠢᠭᠢᠷᠠᠭ ᠲᠤ | ᠬᠤᠤᠷ ᠬᠥᠨᠥᠭᠡᠯ ᠲᠠᠢ᠃ ᠡᠶᠢᠮᠦ ᠠᠴᠠ ᠡᠩ ᠤᠨ ᠭᠤᠷᠪᠠᠨ ᠪᠦᠯᠢ ᠲᠠᠢ ᠠᠶᠢᠯ ᠵᠢᠵᠢᠭ ᠰᠠᠪᠠ ᠲᠠᠢ ᠢᠳᠡᠭᠡᠨ ᠤ ᠲᠣᠰᠣ ᠶᠢ ᠬᠤᠳᠠᠯᠳᠤᠨ ᠠᠪᠴᠤ ᠪᠣᠯᠤᠨ᠎ᠠ᠃ | ᠬᠠᠮᠤᠭ ᠰᠠᠶᠢᠨ ᠨᠢ ᠰᠢᠯ ᠯᠣᠩᠬᠤ ᠶᠢ ᠰᠣᠩᠭᠤᠵᠤ ᠠᠪᠬᠤ ᠪᠤᠶᠤ ᠰᠦᠯᠢᠶᠣᠣ ᠰᠠᠪᠠ ᠲᠠᠢ ᠬᠤᠳᠠᠯᠳᠤᠨ ᠠᠪᠴᠢᠷᠠᠭᠰᠠᠨ ᠤ ᠳᠠᠷᠠᠭ᠎ᠠ᠂ ᠴᠠᠭ ᠲᠤᠬᠠᠶ ᠳᠤᠨᠢ ᠬᠠᠭᠤᠷᠠᠶ | ᠰᠢᠯ ᠰᠠᠪᠠᠨ ᠳᠤ ᠶᠡᠭᠦᠯᠡᠵᠦ ᠪᠢᠲᠡᠭᠦᠮᠵᠢᠯᠡᠨ ᠬᠠᠳᠠᠭᠠᠯᠠᠬᠤ ᠬᠡᠷᠡᠭᠲᠡᠶ᠃ | ᠠᠳᠡᠭᠦᠷᠡᠯ ᠳᠥᠷᠪᠡ᠄ ᠤᠷᠲᠤ ᠬᠤᠭᠤᠴᠠᠭ᠎ᠠ ᠪᠠᠷ ᠵᠥᠪᠬᠡᠨ ᠨᠢᠭᠡ ᠵᠦᠢᠯ ᠤᠨ ᠲᠣᠰᠣ ᠶᠢ ᠬᠡᠷᠡᠭᠯᠡᠨ᠎ᠡ᠃ ᠦᠨᠡᠨ ᠳᠡᠭᠡᠨ ᠲᠣᠰᠣ ᠢᠳᠡᠬᠦ ᠳᠤ ᠪᠠᠰᠠ ᠣᠯᠠᠨ | ᠶᠠᠩᠵᠤ ᠶᠢᠨ ᠪᠠᠶᠢᠬᠤ ᠬᠡᠷᠡᠭᠲᠡᠶ᠃ ᠠᠳᠠᠯᠢ ᠪᠤᠰᠤ ᠤᠷᠭᠤᠮᠠᠯ ᠤᠨ ᠲᠣᠰᠣᠨ ᠳᠤ ᠠᠭᠤᠯᠬᠤ ᠥᠭᠡᠬᠦᠨ ᠬᠦᠴᠢᠯ ᠤᠨ ᠲᠥᠷᠥᠯ ᠵᠦᠢᠯ ᠨᠢ ᠠᠳᠠᠯᠢ ᠦᠭᠡᠶ᠂ ᠬᠡᠷᠪᠡ | ᠤᠷᠲᠤ ᠬᠤᠭᠤᠴᠠᠭ᠎ᠠ ᠪᠠᠷ ᠵᠥᠪᠬᠡᠨ ᠨᠢᠭᠡ ᠵᠦᠢᠯ ᠤᠨ ᠤᠷᠭᠤᠮᠠᠯ ᠤᠨ ᠲᠣᠰᠣ ᠶᠢ ᠢᠳᠡᠪᠡᠯ᠂ ᠥᠭᠡᠬᠦᠨ ᠬᠦᠴᠢᠯ ᠨᠢ ᠳᠠᠷᠤᠶ ᠳᠠᠩ ᠴᠤᠯᠭᠤᠶ ᠪᠣᠯᠳᠠᠭ᠃ | ᠡᠶᠢᠮᠦ ᠠᠴᠠ ᠲᠣᠰᠣ ᠶᠢ ᠰᠣᠯᠢᠵᠤ ᠰᠡᠯᠭᠦᠵᠦ ᠢᠳᠡᠪᠡᠯ ᠨᠠᠩ ᠡᠷᠡᠭᠦᠯ ᠴᠢᠭᠢᠷᠠᠭ ᠪᠣᠯᠤᠨ᠎ᠠ᠃ | ᠠᠳᠡᠭᠦᠷᠡᠯ ᠲᠠᠪᠤ᠄ ᠨᠠᠶᠢᠷᠠᠭᠤᠯᠤᠮᠠᠯ ᠲᠣᠰᠣ ᠪᠣᠯ ᠡᠷᠡᠭᠦᠯ ᠮᠡᠨᠳᠦ ᠳᠤ ᠠᠰᠢᠭᠳᠠᠢ ᠭᠡᠵᠦ ᠦᠵᠡᠳᠡᠭ︕ ᠦᠨᠡᠨ ᠳᠡᠭᠡᠨ ᠲᠡᠶᠢᠮᠤ ᠪᠢᠰᠢ ᠶᠤᠮ᠃ ᠨᠠᠶᠢᠷᠠᠭᠤᠯᠤᠮᠠᠯ | ᠲᠣᠰᠣ ᠪᠣᠯ ᠬᠤᠶᠠᠷ ᠠᠴᠠ ᠳᠡᠭᠡᠭᠰᠢ ᠨᠠᠷᠢᠯᠢᠭ ᠪᠣᠯᠪᠠᠰᠤᠷᠠᠭᠤᠯᠤᠭᠰᠠᠨ ᠤᠷᠭᠤᠮᠠᠯ ᠤᠨ ᠲᠣᠰᠣ ᠶᠢ ᠬᠤᠯᠢᠭᠰᠠᠨ ᠢᠳᠡᠰᠢᠨ ᠲᠣᠰᠣ ᠪᠣᠯᠣᠨ᠎ᠠ᠃ ᠤᠷᠭᠤᠮᠠᠯ ᠤᠨ | ᠲᠣᠰᠣ ᠶᠢ ᠨᠠᠷᠢᠯᠢᠭ ᠪᠣᠯᠪᠠᠰᠤᠷᠠᠭᠤᠯᠬᠤ ᠳᠤ ᠡᠰᠡᠷᠭᠦ ᠬᠡᠯᠪᠡᠷᠢ ᠶᠢᠨ ᠥᠭᠡᠬᠦᠨ ᠬᠦᠴᠢᠯ ᠠᠭᠤᠯᠵᠤ ᠪᠠᠶᠢᠳᠠᠭ᠂ ᠡᠰᠡᠷᠭᠦ ᠬᠡᠯᠪᠡᠷᠢ ᠶᠢᠨ ᠥᠭᠡᠬᠦᠨ ᠬᠦᠴᠢᠯ | ᠠᠭᠤᠯᠤᠭᠰᠠᠨ ᠢᠳᠡᠭᠡᠨ ᠢ ᠬᠡᠲᠦᠷᠡᠲᠡᠯ᠎ᠡ ᠢᠳᠡᠪᠡᠯ ᠵᠢᠷᠦᠬᠡᠨ ᠲᠢᠲᠢᠮ ᠤᠨ ᠡᠪᠡᠳᠴᠢᠨ ᠵᠡᠷᠭᠡ ᠤᠳᠠᠭᠠᠨ ᠴᠢᠨᠠᠷᠲᠠᠶ ᠡᠪᠡᠳᠴᠢᠨ ᠡᠭᠦᠰᠬᠦ ᠲᠦᠭᠰᠢᠭᠦᠷᠢ ᠶᠢ | ᠨᠡᠮᠡᠭᠳᠡᠭᠦᠯᠦᠨ᠎ᠡ᠃ |