ᠳᠠᠯᠠᠢ ᠶᠢᠨ ᠢᠳᠡᠭᠡᠨ ᠢᠳᠡᠬᠦ ᠨᠢ ᠪᠤᠬᠢᠨᠢᠳᠤᠯ ᠢ ᠨᠠᠮᠳᠠᠭᠠᠨ᠎ᠠ ᠦᠦ︖
ᠨᠡᠶᠢᠲᠡᠯᠡᠭᠰᠡᠨ ᠴᠠᠭ᠄
2022/12/19
     Ω -3 ᠢᠯᠡᠭᠦᠦ ᠬᠠᠨᠤᠮᠠᠯ ᠪᠤᠰᠤ ᠪᠣᠯᠣᠨ ᠥᠭᠡᠬᠦᠨ ᠬᠦᠴᠢᠯ ᠪᠣᠯ ᠪᠠᠶᠠᠰᠬᠤᠯᠠᠩᠲᠤ ᠰᠢᠮ᠎ᠡ ᠲᠡᠵᠢᠭᠡᠯᠲᠦ ᠡᠳ᠋ ᠤᠨ ᠨᠢᠭᠡ ᠵᠦᠢᠯ ᠪᠣᠯᠤᠨ᠎ᠠ᠂ ᠰᠢᠮ᠎ᠡ ᠲᠡᠵᠢᠭᠡᠯ ᠬᠠᠩᠭᠠᠬᠤ ᠮᠥᠷᠲᠡᠭᠡᠨ ᠪᠠᠰᠠ ᠤᠷᠮ᠎ᠠ ᠰᠡᠳᠬᠢᠯᠭᠡ ᠶᠢ ᠰᠠᠶᠢᠵᠢᠷᠠᠭᠤᠯᠤᠨ᠎ᠠ᠃ ᠲᠤᠰᠬᠠᠶ ᠮᠡᠷᠭᠡᠵᠢᠯᠲᠡᠨ ᠢᠯᠡᠷᠬᠡᠶᠢᠯᠡᠬᠦ ᠳᠡᠭᠡᠨ᠂ Ω-3 ᠢᠯᠡᠭᠦᠦ ᠬᠠᠨᠤᠮᠠᠯ ᠪᠤᠰᠤ ᠪᠣᠯᠣᠨ ᠥᠭᠡᠬᠦᠨ ᠬᠦᠴᠢᠯ ᠳᠤ ᠭᠤᠤᠯᠳᠠᠭᠤ EPA᠂ DHA᠂ α - ᠶᠠᠮᠠ ᠬᠦᠴᠢᠯ ᠪᠠᠭᠲᠠᠨ᠎ᠠ᠃ ᠭᠦᠨ ᠳᠠᠯᠠᠶ ᠶᠢᠨ ᠵᠢᠭᠠᠰᠤᠨ ᠤ ᠵᠦᠢᠯ ᠳᠤ ᠶᠡᠷᠦ ᠳᠡᠭᠡᠨ Ω-3 ᠢᠯᠡᠭᠦᠦ ᠬᠠᠨᠤᠮᠠᠯ ᠪᠤᠰᠤ ᠪᠣᠯᠣᠨ ᠥᠭᠡᠬᠦᠨ ᠬᠦᠴᠢᠯ ᠶᠡᠬᠡᠲᠡᠢ ᠳᠠᠯᠠᠶ ᠶᠢᠨ ᠵᠢᠭᠠᠰᠤ᠂ ᠳᠠᠯᠠᠶ ᠶᠢᠨ ᠰᠠᠮ ᠬᠤᠷᠣᠬᠠᠶ᠂ ᠬᠢᠰᠤᠭ᠎ᠠ ᠶᠢᠨ ᠵᠦᠢᠯ ᠵᠡᠷᠭᠡ ᠪᠠᠶᠢᠳᠠᠭ ᠃ ᠰᠤᠳᠤᠯᠭᠠᠨ ᠠᠴᠠ ᠦᠵᠡᠪᠡᠯ᠂ DHA ᠪᠣᠯᠤᠨ EPA ᠶᠢ ᠨᠥᠬᠦᠪᠥᠷᠢᠯᠡᠬᠦ ᠨᠢ ᠭᠠᠩᠰᠠᠷᠠᠬᠤ᠂ ᠵᠣᠪᠠᠨᠢᠬᠤ᠂ ᠪᠠᠴᠢᠮᠳᠠᠬᠤ ᠰᠡᠳᠬᠢᠯᠭᠡ ᠶᠢ ᠨᠠᠮᠳᠠᠭᠤᠯᠵᠤ ᠴᠢᠳᠠᠨ᠎ᠠ ᠃ ᠠᠩᠬᠠᠷᠬᠤ ᠴᠢᠬᠤᠯᠠᠲᠠᠶ ᠨᠢ᠂ ᠬᠡᠲᠦᠷᠡᠲᠡᠯ᠎ᠡ ᠢᠳᠡᠪᠡᠯ ᠪᠡᠶ᠎ᠡ ᠶᠢᠨ ᠡᠷᠡᠭᠦᠯ ᠮᠡᠨᠳᠦ ᠶᠢ ᠨᠥᠯᠥᠭᠡᠯᠡᠵᠦ ᠮᠡᠳᠡᠨ᠎ᠡ᠃
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ