ᠣᠶᠢᠷ᠎ᠠ ᠳᠤ᠂ ᠨᠢᠬᠡ ᠡᠷᠡᠭᠲᠡᠢ ᠬᠠᠭᠠᠰ ᠵᠢᠯ ᠤᠨ ᠳᠣᠷᠰᠢ ᠴᠡᠪᠡᠷ ᠤᠰᠤ ᠪᠠᠷ ᠲᠣᠯᠣᠭᠠᠢ ᠪᠠᠨ ᠤᠬᠢᠶᠠᠬᠤ ᠶᠢ ᠪᠠᠷᠢᠮᠲᠠᠯᠠᠭᠰᠠᠨ ᠢᠶᠠᠷ᠂ ᠬᠠᠯᠵᠠᠷᠠᠬᠰᠠᠨ | ᠲᠣᠯᠣᠭᠠᠢ ᠳᠤᠨᠢ ᠬᠠᠷ᠎ᠠ ᠦᠰᠦ ᠤᠷᠭᠤᠯ᠎ᠠ ᠭᠡᠬᠦ ᠶᠠᠷᠢᠶ᠎ᠠ ᠣᠯᠠᠨ ᠤ ᠠᠩᠬᠠᠷᠤᠯ ᠢ ᠲᠠᠲᠠᠭᠰᠠᠨ ᠪᠠᠶᠢᠨ᠎ᠠ᠃ 10 ᠳ᠋ᠣᠭᠠᠷ ᠰᠠᠷ᠎ᠠ ᠶᠢᠨ 7 ᠤ ᠡᠳᠦᠷ᠂ ᠸᠠᠩ ᠤᠪᠤᠬᠳᠦ | ᠡᠨᠡ ᠡᠷᠡᠭᠳᠡᠢ ᠰᠤᠷᠪᠤᠯᠵᠢᠯᠠᠭᠴᠢ ᠳᠤ ᠬᠡᠯᠡᠬᠦ ᠳᠡᠭᠡᠨ᠂ ᠰᠦᠯᠵᠢᠶ᠎ᠠ ᠠᠰᠢᠬᠯᠠᠬᠴᠢᠳ ᠪᠤᠷᠤᠭᠤ ᠣᠶᠢᠯᠠᠭᠠᠯᠲᠠ ᠲᠠᠢ ᠪᠠᠶᠢᠵᠤ ᠮᠡᠳᠡᠨ᠎ᠡ᠂ ᠴᠡᠪᠡᠷ ᠤᠰᠤ ᠪᠠᠷ | ᠲᠣᠯᠣᠭᠠᠢ ᠪᠠᠨ ᠤᠬᠢᠶᠠᠬᠤ ᠨᠢ ᠬᠠᠮᠤᠭ ᠤᠨ ᠰᠠᠶᠢᠨ ᠠᠷᠭ᠎ᠠ ᠪᠢᠰᠢ᠂ ᠭᠡᠵᠢᠭᠡᠨ ᠤ ᠴᠢᠨᠠᠷ ᠢ ᠬᠤᠪᠢᠷᠠᠭᠤᠯᠬᠤ ᠶᠢᠨ ᠲᠥᠯᠥᠭᠡ ᠲᠡᠷᠡ ᠪᠠᠰᠠ ᠠᠵᠢᠯᠯᠠᠵᠤ ᠠᠮᠠᠷᠠᠬᠤ ᠪᠠ | ᠢᠳᠡᠵᠦ ᠤᠤᠭᠤᠬᠤ ᠳᠠᠳᠬᠠᠯ ᠢᠶᠠᠨ ᠲᠣᠬᠢᠷᠠᠭᠤᠯᠤᠭᠰᠠᠨ ᠶᠤᠮ ᠭᠡᠵᠡᠢ᠃ ᠸᠠᠩ ᠠᠪᠤᠭᠠᠢ ᠡᠨᠡ ᠵᠢᠯ 39 ᠨᠠᠰᠤᠲᠠᠢ᠂ ᠵᠧᠵᠢᠶᠠᠩ ᠤᠨ ᠬᠠᠩᠵᠧᠦ ᠳᠤ ᠠᠮᠢᠳᠣᠷᠠᠳᠠᠭ᠂ | 2017 ᠣᠨ ᠠᠴᠠ ᠡᠬᠢᠯᠡᠨ ᠬᠡᠵᠢᠬᠡ ᠨᠢ ᠤᠨᠠᠵᠤ ᠬᠠᠯᠵᠠᠷᠠᠬᠰᠠᠨ ᠪᠠᠶᠢᠨ᠎ᠠ᠃ ᠲᠡᠷᠡ ᠰᠤᠷᠪᠤᠯᠵᠢᠯᠠᠭᠴᠢ ᠳᠤ ᠲᠠᠨᠢᠯᠴᠠᠭᠤᠯᠬᠤ ᠳᠠᠭᠠᠨ᠂ ᠥᠩᠭᠡᠷᠡᠭᠰᠡᠨ ᠳᠤ | ᠳᠠᠶᠢᠯᠠᠯᠭ᠎ᠠ ᠣᠯᠠᠨ᠂ ᠰᠥᠨᠢᠵᠢᠨ ᠰᠠᠭᠤᠬᠤ᠂ ᠠᠷᠢᠬᠢᠳᠠᠬᠤ ᠪᠣᠯ ᠶᠡᠷᠦᠳᠡ ᠶᠢᠨ ᠶᠠᠪᠤᠳᠠᠯ᠂ ᠴᠢᠰᠤ ᠬᠠᠨᠳᠢᠪᠯᠠᠬᠤ ᠦᠶ᠎ᠡ ᠳᠤ ᠴᠢᠰᠤᠨ ᠤ ᠪᠠᠶᠢᠴᠠᠭᠠᠯᠲᠠ ᠨᠢ ᠴᠥᠮ | ᠪᠠᠷᠢᠮᠵᠢᠶ᠎ᠠ ᠳᠤ ᠬᠦᠷᠬᠦ ᠦᠭᠡᠢ ᠪᠠᠶᠢᠪᠠ ᠭᠡᠵᠡᠢ᠃ ᠳᠡᠭᠡᠭᠡᠳ ᠲᠡᠷᠡ ᠮᠠᠰᠢ ᠣᠯᠠᠨ ᠮᠠᠲ᠋ᠧᠷᠢᠶᠠᠯ ᠡᠷᠢᠵᠦ᠂ ᠮᠠᠰᠢ ᠣᠯᠠᠨ ᠲᠤᠭ᠎ᠠ ᠪᠠᠷᠢᠮᠲᠠ ᠶᠢ ᠦᠵᠡᠭᠰᠡᠨ ᠪᠥᠭᠡᠳ | ᠪᠠᠰᠠ ᠰᠢᠮ᠎ᠡ ᠲᠡᠵᠢᠭᠡᠯ ᠤᠨ ᠲᠤᠬᠠᠢ ᠮᠡᠳᠡᠯᠭᠡ ᠶᠢ ᠥᠪᠡᠷ ᠢᠶᠠᠨ ᠰᠣᠷᠣᠭᠰᠠᠨ ᠪᠠᠶᠢᠨ᠎ᠠ᠃ ᠸᠠᠩ ᠠᠪᠤᠭᠠᠢ ᠬᠡᠯᠡᠬᠦ ᠳᠡᠭᠡᠨ᠂ 2021 ᠣᠨ ᠤ 10 ᠳ᠋ᠣᠭᠠᠷ | ᠰᠠᠷ᠎ᠠ ᠠᠴᠠ ᠡᠬᠢᠯᠡᠨ᠂ ᠲᠡᠷᠡ ᠥᠪᠡᠷ ᠤᠨ ᠠᠵᠢᠯᠯᠠᠵᠤ ᠠᠮᠠᠷᠠᠬᠤ ᠳᠠᠳᠬᠠᠯ ᠢᠶᠠᠨ ᠥᠭᠡᠷᠡᠴᠢᠯᠡᠵᠦ᠂ ᠪᠡᠶ᠎ᠡ ᠶᠢᠨ ᠲᠠᠮᠢᠷ ᠬᠢᠬᠦ ᠶᠢ ᠪᠠᠷᠢᠮᠳᠠᠯᠠᠵᠠᠢ᠃ ᠳᠡᠭᠡᠭᠡᠳ ᠡᠨᠡ | ᠵᠢᠯ ᠤᠨ 4 ᠳ᠋ᠣᠭᠡᠷ ᠰᠠᠷ᠎ᠠ ᠠᠴᠠ ᠡᠬᠢᠯᠡᠵᠦ᠂ ᠤᠬᠢᠶᠠᠬᠤ ᠨᠤᠨᠲᠠᠭ ᠵᠠᠷᠣᠬᠤ ᠦᠬᠡᠢ ᠴᠡᠪᠡᠷ ᠤᠰᠤ ᠪᠠᠷ ᠲᠣᠯᠣᠭᠠᠢ ᠪᠠᠨ ᠣᠬᠢᠶᠠᠵᠦ ᠡᠬᠢᠯᠡᠪᠠ᠂ ᠪᠠᠷᠤᠭ ᠬᠠᠭᠠᠰ | ᠰᠠᠷ᠎ᠠ ᠶᠢᠨ ᠳᠠᠷᠠᠭ᠎ᠠ᠂ ᠭᠡᠵᠢᠭᠡ ᠨᠢ ᠳᠣᠰᠣᠷᠠᠬᠤ ᠪᠠᠨ ᠪᠠᠶᠢᠵᠦ᠂ ᠲᠣᠯᠣᠭᠠᠢ ᠳᠡᠭᠡᠷ᠎ᠡ ᠨᠢ ᠤᠯᠠᠭᠠᠨ ᠶᠠᠷᠡ ᠭᠠᠷᠬᠤ ᠦᠭᠡᠢ ᠪᠣᠯᠵᠠᠢ᠂ ᠪᠠᠷᠤᠭ ᠭᠤᠷᠪᠠᠨ ᠰᠠᠷ᠎ᠠ ᠶᠢᠨ | ᠳᠠᠷᠠᠭ᠎ᠠ᠂ ᠤᠤᠯ ᠤᠨ ᠬᠠᠯᠵᠠᠷᠠᠬᠰᠠᠨ ᠭᠠᠵᠠᠷ ᠲᠤ ᠰᠢᠨ᠎ᠡ ᠦᠰᠦ ᠤᠷᠭᠤᠵᠤ ᠡᠬᠢᠯᠡᠵᠡᠢ᠃ ᠸᠠᠩ ᠠᠪᠤᠭᠠᠢ ᠬᠡᠯᠡᠬᠦ ᠳᠡᠭᠡᠨ᠂ ᠵᠠᠷᠢᠮ ᠰᠦᠯᠵᠢᠶᠡᠨ ᠤ ᠨᠠᠶᠢᠵᠠ ᠨᠠᠷ ᠤᠨ | ᠣᠶᠢᠯᠠᠭᠠᠯᠲᠠ ᠵᠢᠭᠠᠬᠠᠨ ᠵᠥᠷᠢᠶ᠎ᠡ ᠲᠠᠢ ᠪᠠᠶᠢᠵᠤ ᠮᠡᠳᠡᠨ᠎ᠡ᠂ ᠦᠨᠡᠨ ᠳᠡᠭᠡᠨ ᠦᠰᠦ ᠬᠡᠵᠢᠬᠡ ᠤᠨᠠᠬᠤ ᠶᠢ ᠵᠠᠰᠠᠬᠤ ᠳᠤ᠂ ᠴᠡᠪᠡᠷ ᠤᠰᠤ ᠪᠠᠷ ᠲᠣᠯᠣᠭᠠᠢ ᠪᠠᠨ | ᠤᠬᠢᠶᠠᠬᠤ ᠨᠢ ᠵᠥᠪᠬᠡᠨ ᠨᠢᠭᠡ ᠯᠡ ᠲᠠᠯ᠎ᠠ ᠶᠢᠨ ᠠᠷᠭ᠎ᠠ ᠶᠤᠮ᠃ ᠡᠭᠦᠨ ᠠᠴᠠ ᠭᠠᠳᠠᠨ᠎ᠠ᠂ ᠪᠠᠰᠠ ᠪᠡᠶ᠎ᠡ ᠮᠠᠬᠠᠪᠤᠳ ᠢᠶᠠᠨ ᠪᠤᠯᠪᠠᠰᠤᠷᠠᠭᠤᠯᠵᠤ᠂ ᠠᠵᠢᠯᠯᠠᠵᠤ ᠠᠮᠠᠷᠠᠬᠤ | ᠳᠠᠳᠬᠠᠯ ᠢᠶᠠᠨ ᠥᠭᠡᠷᠡᠴᠢᠯᠡᠬᠦ ᠬᠡᠷᠡᠭᠲᠡᠢ ᠭᠡᠵᠡᠢ᠃ |