ᠠᠳᠡᠭᠦᠷᠡᠯ ᠨᠢᠭᠡ᠄ ᠤᠷᠭᠤᠮᠠᠯ ᠤᠨ ᠲᠣᠰᠣ ᠶᠢ ᠰᠣᠩᠭᠤᠵᠣ ᠪᠠᠶᠢᠬᠤ ᠨᠢ ︽ᠺᠤᠯᠧᠰᠲ᠋ᠧᠷᠤᠯ ᠦᠭᠡᠶ︾ ᠬᠡᠵᠤ ᠦᠵᠡᠵᠳᠡᠭ᠃ ᠦᠨᠡᠨ ᠳᠡᠭᠡᠨ ᠤᠷᠭᠤᠮᠠᠯ ᠤᠨ | ᠲᠣᠰᠣ ᠳᠤ ᠴᠥᠮ ᠺᠤᠯᠧᠰᠲ᠋ᠧᠷᠤᠯ ᠠᠭᠤᠯᠬᠤ ᠦᠭᠡᠶ ᠣᠴᠢᠷ ᠠᠴᠠ ᠤᠷᠭᠤᠮᠠᠯ ᠤᠨ ᠲᠣᠰᠣ ᠬᠤᠳᠠᠯᠳᠤᠨ ᠠᠪᠬᠤ ᠦᠶᠡᠰ ᠰᠠᠪᠠᠨ ᠳᠡᠭᠡᠷ᠎ᠡ ᠨᠢ ︽ᠺᠤᠯᠧᠰᠲ᠋ᠧᠷᠤᠯ | ᠠᠭᠤᠯᠬᠤ ᠦᠭᠡᠶ︾ ᠬᠡᠵᠤ ᠪᠢᠴᠢᠵᠤ ᠪᠠᠶᠢᠬᠤ ᠡᠰᠡᠬᠦ ᠶᠢ ᠬᠠᠮᠢᠶᠠᠷᠬᠤ ᠬᠡᠷᠡᠭ ᠦᠭᠡᠢ᠃ ᠠᠳᠡᠭᠦᠷᠡᠯ ᠬᠤᠶᠠᠷ᠄ ᠰᠢᠬᠠᠭᠰᠠᠨ ᠲᠤᠰᠣ ᠨᠢ ᠨᠡᠪᠴᠢᠭᠦᠯᠦᠭᠰᠡᠨ | ᠲᠣᠰᠣᠨ ᠠᠴᠠ ᠰᠠᠶᠢᠨ ᠭᠡᠵᠦ ᠦᠵᠡᠳᠡᠭ᠃ ᠦᠨᠡᠨ ᠳᠡᠭᠡᠨ ᠲᠤᠰᠤ ᠶᠢ ᠰᠢᠬᠠᠵᠤ ᠭᠠᠷᠭᠠᠭᠰᠠᠨ ᠴᠤ ᠲᠡᠷᠡ᠂ ᠨᠡᠪᠴᠢᠭᠦᠯᠵᠦ ᠭᠠᠷᠭᠠᠭᠰᠠᠨ ᠴᠤ ᠲᠡᠷᠡ᠂ ᠵᠢᠩᠬᠢᠨᠢ | ᠦᠢᠯᠡᠳᠪᠦᠷᠢ ᠶᠢᠨ ᠦᠢᠯᠡᠳᠪᠦᠷᠢᠯᠡᠭᠰᠡᠨ ᠪᠥᠭᠡᠳ ᠶᠠᠰᠤ ᠴᠢᠨᠠᠷ ᠤᠨ ᠪᠠᠷᠢᠮᠵᠢᠶ᠎ᠠ ᠳᠤ ᠨᠡᠶᠢᠴᠡᠭᠰᠡᠨ ᠲᠤᠰᠤ ᠯᠠ ᠶᠤᠮ ᠪᠣᠯ ᠴᠥᠮ ᠰᠠᠨᠠᠭ᠎ᠠ ᠠᠮᠤᠷ ᠢᠳᠡᠵᠦ ᠪᠣᠯᠤᠨ᠎ᠠ᠃ | ᠥᠪᠡᠷ ᠢᠶᠠᠨ ᠦᠢᠯᠡᠳᠪᠦᠷᠢᠯᠡᠭᠰᠡᠨ᠂ ᠲᠠᠷᠣᠢ ᠴᠤᠯᠤ ᠭᠠᠷ ᠢᠶᠠᠷ ᠰᠢᠬᠠᠵᠤ ᠭᠠᠷᠭᠠᠭᠰᠠᠨ ᠲᠣᠰᠣᠨ ᠤ ᠲᠤᠬᠠᠶ᠂ ᠣᠨᠴᠠᠭᠠᠶᠢᠯᠠᠨ ᠯᠣᠬᠠᠱᠧᠩ ᠤᠨ ᠲᠣᠰᠣ ᠶᠢ | ᠣᠶᠢᠯᠡᠳᠬᠦ ᠶᠠᠪᠤᠴᠠ ᠳᠤ ᠰᠢᠷ᠎ᠠ ᠬᠥᠷᠥᠩᠭᠡ ᠶᠢᠨ ᠬᠥᠭᠡᠴᠦ ᠶᠢᠨ ᠬᠤᠤᠷᠲᠤ ᠡᠳ᠋ ᠤᠨ ᠪᠤᠵᠠᠷᠳᠤᠯ ᠤᠨ ᠠᠰᠠᠭᠤᠳᠠᠯ ᠣᠷᠣᠰᠢᠵᠤ᠂ ᠣᠷᠳᠣ ᠬᠤᠭᠤᠴᠠᠭ᠎ᠠ ᠪᠠᠷ ᠢᠳᠡᠪᠡᠯ | ᠡᠷᠡᠭᠦᠯ ᠮᠡᠨᠳᠦ ᠳᠤ ᠬᠤᠤᠷ ᠬᠥᠨᠥᠭᠡᠯ ᠤᠴᠠᠷᠠᠭᠤᠯᠵᠤ ᠮᠡᠳᠡᠨ᠎ᠡ᠃ ᠠᠳᠡᠭᠦᠷᠡᠯ ᠭᠤᠷᠪᠠ᠄ ᠨᠢᠭᠡ ᠤᠳᠠᠭ᠎ᠠ ᠳᠤ ᠨᠢᠭᠡ ᠲᠣᠮᠣ ᠬᠦᠨᠦᠭ ᠲᠣᠰᠣ ᠬᠤᠳᠠᠯᠳᠤᠨ | ᠠᠪᠳᠠᠭ ᠤᠨ ᠦᠨᠡᠨ ᠪᠠᠶᠢᠲᠠᠯ᠄ ᠦᠨᠡᠨ ᠳᠡᠭᠡᠨ ᠬᠡᠳᠦ᠋ᠢᠪᠡᠷ ᠬᠢᠮᠳᠠ ᠪᠣᠯᠪᠠᠴᠤ᠂ ᠶᠠᠰᠤ ᠴᠢᠨᠠᠷ ᠨᠢ ᠳᠣᠷᠣᠭᠰᠢᠯᠠᠨ᠎ᠠ᠃ ᠲᠣᠮᠣ ᠬᠦᠨᠦᠭ ᠲᠠᠢ ᠲᠤᠰᠤ ᠳᠤ ᠶᠡᠷᠦ ᠨᠢ | ᠬᠤᠶᠠᠷ ᠠᠰᠠᠭᠤᠳᠠᠯ ᠣᠷᠣᠰᠢᠵᠤ ᠪᠠᠶᠢᠳᠠᠭ᠄ 1 . ᠢᠳᠡᠰᠢᠨ ᠲᠣᠰᠤ ᠶᠢ ᠪᠠᠷᠤᠭ ᠪᠦᠷ ᠰᠦᠯᠢᠶᠣᠣ ᠬᠦᠨᠦᠭ ᠲᠤ ᠬᠢᠳᠡᠭ ᠪᠣᠯᠬᠤᠷ ᠵᠠᠷᠢᠮ ᠰᠤᠳᠤᠯᠭᠠᠨ ᠳᠤ | ᠬᠡᠯᠡᠬᠦ ᠪᠠᠷ᠂ ᠢᠳᠡᠭᠡᠨ ᠤ ᠲᠣᠰᠣᠨ ᠤ ᠰᠠᠪᠠ ᠰᠠᠭᠠᠯᠢ ᠶᠢᠨ ᠮᠠᠲ᠋ᠧᠷᠢᠶᠠᠯ ᠳᠣᠲᠣᠷᠠᠬᠢ ᠨᠠᠯᠠᠷᠠᠭᠤᠯᠤᠭᠴᠢ ᠡᠳ᠋ ᠨᠢ ᠢᠳᠡᠰᠢᠨ ᠲᠣᠰᠣᠨ ᠳᠤ ᠠᠭᠤᠰᠳᠠᠭ᠃ 2 . ᠭᠡᠷᠡᠯ | ᠨᠡᠪᠲᠡᠷᠡᠬᠦ ᠴᠢᠨᠠᠷ ᠨᠡᠯᠢᠶᠡᠳ ᠰᠠᠶᠢᠨ ᠤᠴᠢᠷ ᠠᠴᠠ ᠬᠡᠷᠪᠡ ᠬᠠᠳᠠᠭᠠᠯᠠᠬᠤ ᠨᠢ ᠵᠣᠬᠢᠰ ᠦᠭᠡᠢ᠂ ᠤᠷᠲᠤ ᠬᠤᠭᠤᠴᠠᠭ᠎ᠠ ᠪᠠᠷ ᠨᠡᠷᠡᠨ ᠤ ᠭᠡᠷᠡᠯ ᠤᠨ ᠡᠭᠴᠡ ᠲᠤᠰᠤᠯᠲᠠ ᠶᠢ | ᠬᠦᠷᠲᠡᠬᠦ ᠵᠢᠴᠢ ᠪᠢᠲᠡᠭᠦᠮᠵᠢ ᠶᠢ ᠨᠡᠭᠡᠭᠡᠭᠰᠡᠨ ᠤ ᠳᠠᠷᠠᠭ᠎ᠠ ᠪᠢᠲᠡᠭᠦᠮᠵᠢᠯᠡᠬᠦ ᠴᠢᠨᠠᠷ ᠳᠣᠷᠣᠭᠰᠢᠯᠠᠬᠤ ᠵᠡᠷᠭᠡ ᠬᠦᠴᠦᠨ ᠵᠦᠢᠯ ᠪᠠᠶᠢᠪᠠᠯ ᠢᠳᠡᠰᠢᠨ ᠲᠣᠰᠣᠨ ᠤ | ᠢᠰᠦᠯᠳᠦᠵᠦ ᠴᠢᠨᠠᠷ ᠬᠤᠪᠢᠷᠠᠬᠤ ᠶᠢ ᠲᠦᠷᠭᠡᠳᠬᠡᠨ᠎ᠡ᠃ ᠤᠳᠠᠭᠠᠨ ᠲᠠᠯᠪᠢᠭᠰᠠᠨ ᠢᠳᠡᠰᠢᠨ ᠲᠣᠰᠣ ᠠᠴᠠ ᠬᠤᠷᠰᠢᠬᠰᠠᠨ ᠦᠨᠦᠷ ᠦᠨᠦᠷᠲᠦᠭᠲᠡᠲᠡᠭ᠂ ᠡᠨᠡ ᠨᠢ ᠳᠠᠷᠤᠶ | ᠲᠣᠰᠣᠨ ᠤ ᠢᠰᠦᠯᠳᠦᠯ ᠠᠴᠠ ᠪᠣᠯᠤᠭᠰᠠᠨ ᠶᠤᠮ᠃ ᠡᠶᠢᠮᠤ ᠲᠤᠰᠤᠨ ᠤ ᠠᠮᠲᠠ ᠨᠢ ᠪᠠᠭᠤᠷᠠᠬᠤ ᠪᠠᠷ ᠪᠠᠷᠠᠬᠤ ᠦᠭᠡᠢ ᠪᠠᠰᠠ ᠡᠷᠡᠭᠦᠯ ᠴᠢᠭᠢᠷᠠᠭ ᠲᠤ ᠬᠤᠤᠷ | ᠬᠥᠨᠥᠭᠡᠯ ᠲᠠᠢ᠃ ᠡᠶᠢᠮᠦ ᠠᠴᠠ ᠡᠩ ᠤᠨ ᠭᠤᠷᠪᠠᠨ ᠪᠦᠯᠢ ᠲᠠᠢ ᠠᠶᠢᠯ ᠵᠢᠵᠢᠭ ᠰᠠᠪᠠ ᠲᠠᠢ ᠢᠳᠡᠭᠡᠨ ᠤ ᠲᠣᠰᠣ ᠶᠢ ᠬᠤᠳᠠᠯᠳᠤᠨ ᠠᠪᠴᠤ ᠪᠣᠯᠤᠨ᠎ᠠ᠃ ᠬᠠᠮᠤᠭ | ᠰᠠᠶᠢᠨ ᠨᠢ ᠰᠢᠯ ᠯᠣᠩᠬᠤ ᠶᠢ ᠰᠣᠩᠭᠤᠵᠤ ᠠᠪᠬᠤ ᠪᠤᠶᠤ ᠰᠦᠯᠢᠶᠣᠣ ᠰᠠᠪᠠ ᠲᠠᠢ ᠬᠤᠳᠠᠯᠳᠤᠨ ᠠᠪᠴᠢᠷᠠᠭᠰᠠᠨ ᠤ ᠳᠠᠷᠠᠭ᠎ᠠ᠂ ᠴᠠᠭ ᠲᠤᠬᠠᠶ ᠳᠤᠨᠢ ᠬᠠᠭᠤᠷᠠᠶ ᠰᠢᠯ | ᠰᠠᠪᠠᠨ ᠳᠤ ᠶᠡᠭᠦᠯᠡᠵᠦ ᠪᠢᠲᠡᠭᠦᠮᠵᠢᠯᠡᠨ ᠬᠠᠳᠠᠭᠠᠯᠠᠬᠤ ᠬᠡᠷᠡᠭᠲᠡᠶ᠃ ᠠᠳᠡᠭᠦᠷᠡᠯ ᠳᠥᠷᠪᠡ᠄ ᠤᠷᠲᠤ ᠬᠤᠭᠤᠴᠠᠭ᠎ᠠ ᠪᠠᠷ ᠵᠥᠪᠬᠡᠨ ᠨᠢᠭᠡ ᠵᠦᠢᠯ ᠤᠨ ᠲᠣᠰᠣ ᠶᠢ | ᠬᠡᠷᠡᠭᠯᠡᠨ᠎ᠡ᠃ ᠦᠨᠡᠨ ᠳᠡᠭᠡᠨ ᠲᠣᠰᠣ ᠢᠳᠡᠬᠦ ᠳᠤ ᠪᠠᠰᠠ ᠣᠯᠠᠨ ᠶᠠᠩᠵᠤ ᠶᠢᠨ ᠪᠠᠶᠢᠬᠤ ᠬᠡᠷᠡᠭᠲᠡᠶ᠃ ᠠᠳᠠᠯᠢ ᠪᠤᠰᠤ ᠤᠷᠭᠤᠮᠠᠯ ᠤᠨ ᠲᠣᠰᠣᠨ ᠳᠤ ᠠᠭᠤᠯᠬᠤ | ᠥᠭᠡᠬᠦᠨ ᠬᠦᠴᠢᠯ ᠤᠨ ᠲᠥᠷᠥᠯ ᠵᠦᠢᠯ ᠨᠢ ᠠᠳᠠᠯᠢ ᠦᠭᠡᠶ᠂ ᠬᠡᠷᠪᠡ ᠤᠷᠲᠤ ᠬᠤᠭᠤᠴᠠᠭ᠎ᠠ ᠪᠠᠷ ᠵᠥᠪᠬᠡᠨ ᠨᠢᠭᠡ ᠵᠦᠢᠯ ᠤᠨ ᠤᠷᠭᠤᠮᠠᠯ ᠤᠨ ᠲᠣᠰᠣ ᠶᠢ ᠢᠳᠡᠪᠡᠯ᠂ | ᠥᠭᠡᠬᠦᠨ ᠬᠦᠴᠢᠯ ᠨᠢ ᠳᠠᠷᠤᠶ ᠳᠠᠩ ᠴᠤᠯᠭᠤᠶ ᠪᠣᠯᠳᠠᠭ᠃ ᠡᠶᠢᠮᠦ ᠠᠴᠠ ᠲᠣᠰᠣ ᠶᠢ ᠰᠣᠯᠢᠵᠤ ᠰᠡᠯᠭᠦᠵᠦ ᠢᠳᠡᠪᠡᠯ ᠨᠠᠩ ᠡᠷᠡᠭᠦᠯ ᠴᠢᠭᠢᠷᠠᠭ ᠪᠣᠯᠤᠨ᠎ᠠ᠃ ᠠᠳᠡᠭᠦᠷᠡᠯ | ᠲᠠᠪᠤ᠄ ᠨᠠᠶᠢᠷᠠᠭᠤᠯᠤᠮᠠᠯ ᠲᠣᠰᠣ ᠪᠣᠯ ᠡᠷᠡᠭᠦᠯ ᠮᠡᠨᠳᠦ ᠳᠤ ᠠᠰᠢᠭᠳᠠᠢ ᠭᠡᠵᠦ ᠦᠵᠡᠳᠡᠭ︕ ᠦᠨᠡᠨ ᠳᠡᠭᠡᠨ ᠲᠡᠶᠢᠮᠤ ᠪᠢᠰᠢ ᠶᠤᠮ᠃ ᠨᠠᠶᠢᠷᠠᠭᠤᠯᠤᠮᠠᠯ ᠲᠣᠰᠣ ᠪᠣᠯ | ᠬᠤᠶᠠᠷ ᠠᠴᠠ ᠳᠡᠭᠡᠭᠰᠢ ᠨᠠᠷᠢᠯᠢᠭ ᠪᠣᠯᠪᠠᠰᠤᠷᠠᠭᠤᠯᠤᠭᠰᠠᠨ ᠤᠷᠭᠤᠮᠠᠯ ᠤᠨ ᠲᠣᠰᠣ ᠶᠢ ᠬᠤᠯᠢᠭᠰᠠᠨ ᠢᠳᠡᠰᠢᠨ ᠲᠣᠰᠣ ᠪᠣᠯᠣᠨ᠎ᠠ᠃ ᠤᠷᠭᠤᠮᠠᠯ ᠤᠨ ᠲᠣᠰᠣ ᠶᠢ ᠨᠠᠷᠢᠯᠢᠭ | ᠪᠣᠯᠪᠠᠰᠤᠷᠠᠭᠤᠯᠬᠤ ᠳᠤ ᠡᠰᠡᠷᠭᠦ ᠬᠡᠯᠪᠡᠷᠢ ᠶᠢᠨ ᠥᠭᠡᠬᠦᠨ ᠬᠦᠴᠢᠯ ᠠᠭᠤᠯᠵᠤ ᠪᠠᠶᠢᠳᠠᠭ᠂ ᠡᠰᠡᠷᠭᠦ ᠬᠡᠯᠪᠡᠷᠢ ᠶᠢᠨ ᠥᠭᠡᠬᠦᠨ ᠬᠦᠴᠢᠯ ᠠᠭᠤᠯᠤᠭᠰᠠᠨ ᠢᠳᠡᠭᠡᠨ ᠢ | ᠬᠡᠲᠦᠷᠡᠲᠡᠯ᠎ᠡ ᠢᠳᠡᠪᠡᠯ ᠵᠢᠷᠦᠬᠡᠨ ᠲᠢᠲᠢᠮ ᠤᠨ ᠡᠪᠡᠳᠴᠢᠨ ᠵᠡᠷᠭᠡ ᠤᠳᠠᠭᠠᠨ ᠴᠢᠨᠠᠷᠲᠠᠶ ᠡᠪᠡᠳᠴᠢᠨ ᠡᠭᠦᠰᠬᠦ ᠲᠦᠭᠰᠢᠭᠦᠷᠢ ᠶᠢ ᠨᠡᠮᠡᠭᠳᠡᠭᠦᠯᠦᠨ᠎ᠡ᠃ | |