ᠲᠥᠷᠥ ᠶᠢᠨ ᠶᠠᠪᠤᠳᠠᠯ ᠤᠨ ᠬᠤᠷᠢᠶᠠᠨ ᠤ ᠬᠤᠯᠪᠤᠭᠠᠯᠠᠨ ᠰᠡᠷᠭᠡᠶᠢᠯᠡᠵᠦ ᠬᠤᠯᠪᠤᠭᠠᠯᠠᠨ ᠡᠵᠡᠮᠳᠡᠬᠦ ᠲᠣᠭᠲᠠᠴᠠ 12 ᠳ᠋ᠤᠭᠠᠷ ᠰᠠᠷ᠎ᠠ ᠶᠢᠨ 15 ᠤ ᠡᠳᠦᠷ ᠤᠨ | ᠦᠳᠡ ᠶᠢᠨ ᠬᠤᠶᠢᠨ᠎ᠠ ᠰᠣᠨᠢᠨ ᠮᠡᠳᠡᠭᠡ ᠨᠡᠶᠢᠲᠡᠯᠡᠬᠦ ᠬᠤᠷᠠᠯ ᠬᠤᠷᠠᠯᠳᠤᠭᠤᠯᠵᠤ᠂ ᠦᠨᠳᠦᠰᠦᠨ ᠱᠠᠲᠤᠨ ᠤ ᠡᠮᠴᠢᠯᠡᠭᠡᠨ ᠤ ᠦᠢᠯᠡᠴᠢᠯᠡᠭᠡ ᠪᠠᠲᠤᠯᠠᠭ᠎ᠠ ᠶᠢᠨ | ᠬᠤᠯᠪᠣᠭᠳᠠᠯ ᠪᠦᠬᠦᠢ ᠪᠠᠶᠢᠳᠠᠯ ᠢ ᠲᠠᠨᠢᠯᠴᠠᠭᠤᠯᠵᠠᠢ᠂ ᠬᠠᠮᠲᠤ ᠪᠠᠷ ᠦᠵᠡᠵᠡᠭᠡᠶ᠎ᠡ︕ | ᠬᠢᠵᠢᠭ ᠢ ᠰᠡᠷᠭᠡᠶᠢᠯᠡᠬᠦ ᠭᠤᠣᠯᠳᠠᠯᠭ᠎ᠠ ᠨᠢ ᠬᠠᠯᠳᠠᠪᠤᠷᠢᠯᠠᠯ ᠢ ᠰᠡᠷᠭᠡᠶᠢᠯᠡᠨ ᠡᠵᠡᠮᠳᠡᠵᠦ ᠪᠠᠶᠢᠭᠰᠠᠨ ᠠᠴᠠ ᠠᠪᠤᠷᠠᠨ ᠵᠠᠰᠠᠬᠤ ᠠᠵᠢᠯ ᠲᠡᠶᠢᠰᠢ ᠰᠢᠯᠵᠢᠪᠡ | ᠣᠳᠣᠬᠠᠨ ᠳᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠤᠨ ᠭᠤᠣᠯᠳᠠᠯᠭ᠎ᠠ ᠨᠢ ᠬᠠᠯᠳᠠᠪᠤᠷᠢᠯᠠᠯ ᠢ ᠰᠡᠷᠭᠡᠶᠢᠯᠡᠨ ᠡᠵᠡᠮᠳᠡᠬᠦ ᠠᠴᠠ ᠡᠮᠨᠡᠯᠭᠡ ᠶᠢᠨ | ᠠᠪᠤᠷᠠᠨ ᠵᠠᠰᠠᠯᠲᠠ ᠲᠡᠶᠢᠰᠢ ᠰᠢᠯᠵᠢᠵᠦ ᠪᠠᠶᠢᠨ᠎ᠠ᠃ ᠨᠡᠶᠢᠭᠡᠮ ᠲᠣᠭᠤᠷᠢᠭ᠂ ᠬᠥᠳᠡᠭᠡ ᠲᠣᠰᠬᠤᠨ ᠪᠣᠯ ᠡᠮ ᠡᠮᠨᠡᠯᠭᠡ ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ | ᠬᠠᠮᠤᠭ ᠤᠨ ᠡᠴᠦᠰ ᠤᠨ ᠨᠢᠭᠡ ᠺᠢᠯᠣᠮᠧᠳ᠋ᠷ ᠪᠣᠯᠣᠨ᠎ᠠ᠂ ᠭᠡᠷ ᠪᠦᠯᠢ ᠶᠢᠨ ᠡᠮᠴᠢ᠂ ᠬᠥᠳᠡᠭᠡ ᠲᠣᠰᠬᠤᠨ ᠤ ᠡᠮᠴᠢ ᠪᠣᠯ ᠤᠯᠠᠨ ᠲᠦᠮᠡᠨ ᠤ ᠡᠷᠡᠭᠦᠯ ᠮᠡᠨᠳᠤ ᠶᠢᠨ | ᠮᠠᠨᠠᠭᠠᠴᠢ ᠮᠥᠨ᠃ ᠦᠨᠳᠦᠰᠦᠨ ᠱᠠᠲᠤᠨ ᠤ ᠡᠮ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠨᠤᠭᠤᠳ ᠬᠠᠯᠳᠠᠪᠤᠷᠢᠯᠠᠭᠰᠠᠳ ᠢ ᠲᠠᠰ ᠲᠥᠷᠥᠯ ᠬᠤᠪᠢᠶᠠᠨ | ᠭᠥᠯᠢᠶᠡᠨ ᠠᠪᠴᠤ ᠡᠮᠨᠡᠨ ᠵᠠᠰᠠᠬᠤ᠂ ᠲᠦᠭᠰᠢᠭᠦᠷᠢᠲᠦ ᠬᠥᠮᠥᠰ ᠤᠨ ᠡᠷᠡᠭᠦᠯ ᠮᠡᠨᠳᠦ ᠶᠢ ᠬᠢᠨᠠᠨ ᠰᠢᠨᠵᠢᠯᠡᠵᠦ ᠬᠠᠮᠢᠶᠠᠷᠬᠤ᠂ ᠨᠠᠰᠤᠲᠠᠶᠢᠴᠤᠳ ᠪᠠ ᠬᠡᠦᠬᠡᠳ ᠵᠡᠷᠭᠡ | ᠭᠤᠣᠯᠳᠠᠯᠭ᠎ᠠ ᠲᠠᠢ ᠬᠥᠮᠥᠰ ᠤᠨ ᠡᠮ ᠡᠮᠨᠡᠯᠭᠡ ᠶᠢᠨ ᠦᠢᠯᠡᠴᠢᠯᠡᠭᠡᠨ ᠤ ᠪᠠᠲᠤᠯᠠᠭ᠎ᠠ ᠶᠢ ᠠᠬᠢᠭᠤᠯᠬᠤ ᠳᠤ ᠴᠢᠬᠤᠯᠠ ᠦᠢᠯᠡᠳᠦᠯ ᠢᠶᠠᠨ ᠪᠠᠳᠠᠷᠠᠭᠤᠯᠬᠤ ᠪᠣᠯᠣᠨ᠎ᠠ᠃ | ᠬᠢᠵᠢᠭ ᠤᠨ ᠪᠠᠶᠢᠳᠠᠯ᠂ ᠡᠪᠡᠳᠴᠢᠨ ᠤ ᠪᠠᠶᠢᠳᠠᠯ ᠤᠨ ᠬᠦᠨᠳᠦ ᠬᠥᠩᠭᠡᠨ ᠠᠯᠭᠤᠷ ᠪᠠᠴᠢᠮ ᠤᠨ ᠬᠡᠮᠵᠢᠶ᠎ᠡ ᠵᠡᠷᠭᠡ ᠶᠢ ᠦᠨᠳᠦᠰᠦᠯᠡᠨ ᠡᠮ ᠡᠮᠨᠡᠯᠭᠡ ᠶᠢᠨ ᠡᠬᠢ ᠪᠠᠶᠠᠯᠢᠭ ᠢ | ᠵᠦᠢ ᠵᠣᠬᠢᠰᠲᠠᠢ ᠪᠠᠷ ᠬᠤᠪᠢᠶᠠᠷᠢᠯᠠᠵᠤ᠂ ᠦᠢᠯᠡᠴᠢᠯᠡᠭᠡᠨ ᠤ ᠦᠷ᠎ᠡ ᠪᠦᠲᠦᠮᠵᠢ ᠪᠠ ᠶᠠᠰᠤ ᠴᠢᠨᠠᠷ ᠢ ᠤᠯᠠᠮ ᠨᠢᠭᠡ ᠠᠯᠬᠤᠮ ᠳᠡᠭᠡᠭᠰᠢᠯᠡᠭᠦᠯᠬᠦ ᠬᠡᠷᠡᠭᠲᠡᠢ︔ | ᠭᠤᠣᠯᠳᠠᠯᠭ᠎ᠠ ᠲᠠᠢ ᠬᠥᠮᠥᠰ ᠤᠨ ᠡᠷᠡᠭᠦᠯ ᠮᠡᠨᠳᠦ ᠶᠢᠨ ᠬᠢᠨᠠᠨ ᠰᠢᠨᠵᠢᠯᠡᠯᠲᠡ ᠪᠠ ᠦᠢᠯᠡᠴᠢᠯᠡᠭᠡᠨ ᠤ ᠪᠠᠲᠤᠯᠠᠭ᠎ᠠ ᠶᠢ ᠴᠢᠩᠭᠠᠳᠬᠠᠵᠤ᠂ ᠴᠠᠭ ᠲᠤᠬᠠᠢ ᠳᠤ ᠨᠢ ᠯᠠᠪᠯᠠᠭ᠎ᠠ | ᠵᠢᠯᠣᠭᠤᠳᠤᠯᠭ᠎ᠠ ᠬᠠᠩᠭᠠᠬᠤ ᠬᠡᠷᠡᠭᠲᠡᠢ︔ ᠦᠨᠳᠦᠰᠦᠨ ᠱᠠᠲᠤᠨ ᠤ ᠡᠮᠴᠢᠯᠡᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠶᠢᠨ ᠬᠠᠯᠠᠭᠤᠷᠠᠯ ᠤᠨ ᠡᠭᠦᠳᠡᠨ ᠡᠮᠨᠡᠯᠭᠡ ᠶᠢᠨ | ᠲᠣᠬᠢᠷᠠᠭᠤᠯᠤᠯᠲᠠ ᠶᠢ ᠴᠢᠩᠭᠠᠳᠬᠠᠵᠤ᠂ ᠦᠨᠳᠦᠰᠦᠨ ᠱᠠᠲᠤᠨ ᠤ ᠠᠩᠬᠠᠨ ᠤ ᠣᠨᠣᠰᠢᠯᠠᠯᠲᠠ ᠶᠢᠨ ᠨᠢᠭᠡᠳᠦᠭᠡᠷ ᠰᠡᠷᠭᠡᠶᠢᠯᠡᠯᠲᠡ ᠶᠢᠨ ᠱᠤᠭᠤᠮ ᠢ ᠪᠠᠬᠢᠵᠢᠭᠦᠯᠬᠦ | ᠬᠡᠷᠡᠭᠲᠡᠢ᠃ | ᠦᠨᠳᠦᠰᠦᠨ ᠱᠠᠲᠤᠨ ᠤ ᠬᠢᠵᠢᠭ ᠢ ᠰᠡᠷᠭᠡᠶᠢᠯᠡᠬᠦ ᠠᠵᠢᠯ ᠤᠨ ᠡᠭᠦᠷᠭᠡ ᠬᠠᠷᠢᠭᠤᠴᠠᠯᠭ᠎ᠠ ᠶᠢᠨ ᠬᠤᠪᠢᠷᠠᠯᠲᠠ | ᠡᠭᠦᠨ ᠳᠤ ᠭᠤᠣᠯᠳᠠᠭᠤ ᠥᠩᠭᠡᠷᠡᠭᠰᠡᠨ ᠤ ᠡᠷᠲᠡ ᠢᠯᠡᠷᠡᠭᠦᠯᠬᠦ᠂ ᠡᠷᠲᠡ ᠲᠤᠰᠠᠭᠠᠷᠯᠠᠬᠤ ᠪᠠ ᠬᠠᠯᠳᠠᠪᠤᠷᠢᠯᠠᠯ ᠢ ᠭᠤᠣᠯᠳᠠᠯᠭ᠎ᠠ ᠲᠠᠢ ᠰᠡᠷᠭᠡᠶᠢᠯᠡᠵᠦ | ᠪᠠᠶᠢᠭᠰᠠᠨ ᠠᠴᠠ ᠲᠦᠷᠦᠯ ᠳᠡᠰ ᠬᠤᠪᠢᠶᠠᠨ ᠡᠷᠡᠭᠦᠯ ᠮᠡᠨᠳᠦ ᠶᠢᠨ ᠦᠢᠯᠡᠴᠢᠯᠡᠭᠡ ᠪᠣᠯᠣᠨ ᠡᠮ ᠡᠮᠨᠡᠯᠭᠡ ᠶᠢᠨ ᠠᠪᠤᠷᠠᠨ ᠵᠠᠰᠠᠯᠲᠠ ᠶᠢ ᠬᠡᠷᠡᠭᠵᠢᠭᠦᠯᠬᠦ ᠲᠡᠶᠢᠰᠢ | ᠬᠤᠪᠢᠷᠠᠭᠤᠯᠤᠨ᠎ᠠ᠃ | ᠨᠢᠭᠡ ᠳᠤ᠂ ᠰᠠᠭᠤᠷᠢ ᠲᠤᠭ᠎ᠠ ᠶᠢ ᠲᠣᠳᠣᠷᠬᠠᠢ ᠣᠶᠢᠯᠠᠭᠠᠬᠤ ᠬᠡᠷᠡᠭᠲᠡᠢ᠃ ᠭᠤᠣᠯᠳᠠᠯᠭ᠎ᠠ ᠲᠠᠢ ᠬᠥᠮᠥᠰ ᠤᠨ ᠰᠠᠭᠤᠷᠢ ᠲᠤᠭ᠎ᠠ ᠶᠢ ᠲᠣᠳᠣᠷᠬᠠᠢ ᠣᠶᠢᠯᠠᠭᠠᠵᠤ᠂ | ᠨᠡᠶᠢᠭᠡᠮ ᠲᠣᠭᠤᠷᠢᠭ ︵ᠲᠣᠰᠬᠤᠨ︶ ᠪᠣᠯᠣᠨ ᠦᠨᠳᠦᠰᠦᠨ ᠱᠠᠲᠤᠨ ᠤ ᠡᠮᠨᠡᠯᠭᠡ ᠶᠢᠨ ᠠᠵᠢᠯᠲᠠᠳ ᠣᠯᠠᠨ ᠵᠦᠢᠯ ᠤᠨ ᠠᠷᠭ᠎ᠠ ᠵᠠᠮ ᠢᠶᠠᠷ ᠳᠡᠮᠵᠢᠨ᠂ ᠰᠠᠭᠤᠷᠢ | ᠡᠪᠡᠳᠴᠢᠨ ᠳᠠᠪᠬᠤᠴᠠᠭᠰᠠᠨ ᠨᠠᠰᠤᠲᠠᠶᠢᠴᠤᠳ ᠤᠨ ᠰᠠᠭᠤᠷᠢ ᠲᠤᠭ᠎ᠠ ᠶᠢ ᠲᠣᠳᠣᠷᠬᠠᠢ ᠣᠶᠢᠯᠠᠭᠠᠬᠤ ᠬᠡᠷᠡᠭᠲᠡᠢ᠃ ᠡᠭᠦᠨ ᠤ ᠬᠠᠮᠲᠤ᠂ ᠵᠢᠷᠮᠦᠰᠦᠨ ᠬᠥᠩᠭᠡᠵᠢᠭᠰᠡᠨ | ᠡᠬᠡᠴᠦᠳ᠂ ᠬᠡᠦᠬᠡᠳ ᠵᠡᠷᠭᠡ ᠬᠥᠮᠥᠰ ᠤᠨ ᠬᠠᠮᠢᠶᠠᠷᠤᠯᠲᠠ ᠦᠢᠯᠡᠴᠢᠯᠡᠭᠡ ᠶᠢ ᠥᠩᠭᠡᠷᠡᠭᠰᠡᠨ ᠳᠤ ᠨᠢᠭᠡᠨᠲᠡ ᠨᠠᠶᠢᠳᠠᠪᠤᠷᠢᠵᠢᠭᠤᠯᠤᠭᠰᠠᠨ ᠤᠴᠢᠷ ᠠᠴᠠ ᠣᠲᠣ ᠶᠢᠨ | ᠭᠤᠣᠯᠳᠠᠯᠭ᠎ᠠ ᠲᠠᠢ ᠦᠢᠯᠡᠴᠢᠯᠡᠬᠦ ᠡᠲᠡᠭᠡᠳ ᠪᠣᠯ ᠨᠠᠰᠤᠲᠠᠶᠢᠴᠤᠳ ᠪᠣᠯᠣᠨ᠎ᠠ᠂ ᠣᠨᠴᠠᠭᠠᠶᠢᠯᠠᠨ ᠤᠷᠢᠳ ᠢᠶᠠᠷ ᠰᠠᠭᠤᠷᠢ ᠡᠪᠡᠳᠴᠢᠨ ᠳᠠᠪᠬᠤᠴᠠᠭᠰᠠᠨ ᠬᠥᠮᠥᠰ ᠤᠨ | ᠰᠠᠭᠤᠷᠢ ᠲᠤᠭ᠎ᠠ ᠶᠢ ᠲᠣᠳᠣᠷᠬᠠᠢ ᠣᠶᠢᠯᠠᠭᠠᠬᠤ ᠬᠡᠷᠡᠭᠲᠡᠢ᠃ | ᠬᠤᠶᠠᠷ ᠲᠤ᠂ ᠲᠦᠷᠦᠯ ᠬᠤᠪᠢᠶᠠᠬᠤ ᠬᠡᠷᠡᠭᠲᠡᠢ᠃ ᠪᠠᠶᠢᠳᠠᠯ ᠢ ᠣᠶᠢᠯᠠᠭᠠᠨ ᠳᠠᠩᠰᠠᠯᠠᠭᠰᠠᠨ ᠭᠤᠣᠯᠳᠠᠯᠭ᠎ᠠ ᠲᠠᠢ ᠬᠥᠮᠥᠰ ᠲᠤ ᠲᠥᠷᠥᠯ ᠪᠠ ᠲᠠᠰ ᠬᠤᠪᠢᠶᠠᠨ | ᠡᠷᠡᠭᠦᠯ ᠮᠡᠨᠳᠦ ᠶᠢᠨ ᠦᠢᠯᠡᠴᠢᠯᠡᠭᠡ ᠬᠠᠩᠭᠠᠨ᠎ᠠ ︵ᠭᠤᠣᠯᠳᠠᠯᠭ᠎ᠠ ᠲᠠᠢ ᠬᠥᠮᠥᠰ᠂ ᠳᠡᠳ᠋ ᠭᠤᠣᠯᠳᠠᠯᠭ᠎ᠠ ᠲᠠᠢ ᠬᠥᠮᠥᠰ ᠪᠠ ᠡᠩ ᠤᠨ ᠬᠥᠮᠥᠰ︶᠃ ᠲᠥᠷᠥᠯ | ᠠᠩᠭᠢᠯᠠᠯ ᠤᠨ ᠠᠳᠠᠯᠢ ᠪᠤᠰᠤ ᠶᠢ ᠦᠨᠳᠦᠰᠦᠯᠡᠨ᠂ ᠰᠦᠯᠵᠢᠶᠡᠨ ᠳᠡᠭᠡᠷ᠎ᠡ ᠪᠠ ᠰᠦᠯᠵᠢᠶᠡᠨ ᠭᠠᠳᠠᠨᠠᠬᠢ ᠪᠠᠷ ᠳᠠᠮᠵᠢᠭᠤᠯᠤᠨ᠂ ᠣᠯᠠᠨ ᠵᠦᠢᠯ ᠤᠨ ᠠᠷᠭ᠎ᠠ ᠮᠠᠶ᠋ᠢᠭ ᠤᠨ | ᠡᠷᠡᠭᠦᠯ ᠮᠡᠨᠳᠦ ᠶᠢᠨ ᠵᠢᠯᠣᠭᠤᠳᠤᠯᠭ᠎ᠠ᠂ ᠡᠷᠡᠭᠦᠯ ᠮᠡᠨᠳᠦ ᠶᠢᠨ ᠬᠢᠨᠠᠨ ᠰᠢᠨᠵᠢᠯᠡᠯᠲᠡ᠂ ᠮᠥᠷᠳᠡᠨ ᠰᠤᠷᠪᠤᠯᠵᠢᠯᠠᠬᠤ ᠶᠢ ᠬᠠᠩᠭᠠᠵᠤ᠂ ᠥᠳᠥᠭᠡᠭᠴᠢ ᠶᠢᠨ ᠪᠠᠶᠢᠴᠠᠭᠠᠯᠲᠠ | ᠬᠢᠬᠦ ᠶᠢ ᠵᠢᠯᠤᠭᠤᠳᠴᠤ᠂ ᠡᠪᠡᠳᠴᠢᠨ ᠳᠤ ᠨᠢ ᠲᠠᠭᠠᠷᠠᠭᠤᠯᠵᠤ ᠡᠮ ᠬᠡᠷᠡᠭᠯᠡᠬᠦ ᠲᠠᠯ᠎ᠠ ᠪᠠᠷ ᠵᠢᠯᠣᠭᠤᠳᠤᠯᠭ᠎ᠠ ᠬᠢᠬᠦ ᠳᠤᠩ ᠭᠤᠣᠯᠳᠠᠯᠭ᠎ᠠ ᠨᠢ ᠳᠠᠷᠤᠢ ᠲᠡᠳᠡᠨ ᠳᠤ | ᠡᠮᠴᠢᠯᠡᠭᠡᠨ ᠤ ᠲᠠᠯ᠎ᠠ ᠶᠢᠨ ᠦᠢᠯᠡᠴᠢᠯᠡᠭᠡ ᠬᠠᠩᠭᠠᠨ᠎ᠠ᠃ | ᠭᠤᠷᠪᠠ ᠳᠤ᠂ ᠱᠠᠲᠤ ᠬᠤᠪᠢᠶᠠᠨ ᠠᠪᠤᠷᠠᠨ ᠵᠠᠰᠠᠬᠤ ᠶᠢ ᠨᠠᠶᠢᠳᠠᠪᠤᠷᠢᠵᠢᠭᠤᠯᠬᠤ ᠬᠡᠷᠡᠭᠲᠡᠢ᠃ ᠨᠥᠬᠦᠴᠡᠯ ᠡᠭᠦᠳᠴᠦ ᠪᠠᠶᠢᠭᠠᠳ ᠰᠢᠶᠠᠩ ᠪᠠᠯᠭᠠᠰᠤᠨ ᠤ ᠡᠷᠡᠭᠦᠯ | ᠬᠠᠮᠠᠭᠠᠯᠠᠯ ᠤᠨ ᠬᠤᠷᠢᠶ᠎ᠠ ᠪᠣᠯᠣᠨ ᠨᠡᠶᠢᠭᠡᠮ ᠲᠣᠭᠤᠷᠢᠭ ᠤᠨ ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠲᠥᠪ ᠲᠤ ᠬᠠᠯᠠᠭᠤᠷᠠᠯ ᠤᠨ ᠡᠮᠴᠢᠯᠡᠭᠡᠨ ᠤ ᠲᠠᠰᠤᠭ | ᠭᠠᠷᠭᠠᠵᠤ᠂ ᠨᠡᠭᠡᠭᠡᠬᠦ ᠶᠣᠰᠣᠲᠠᠢ ᠨᠢ ᠠᠯᠢ ᠴᠢᠳᠠᠬᠤ ᠪᠠᠷ ᠨᠡᠭᠡᠭᠡᠬᠦ ᠬᠡᠷᠡᠭᠲᠡᠢ᠃ ᠠᠩᠬᠠᠨ ᠤ ᠣᠨᠣᠰᠢᠯᠠᠯᠲᠠ ᠶᠢᠨ ᠳᠦᠷᠢᠮ ᠢ ᠨᠠᠶᠢᠳᠠᠪᠤᠷᠢᠵᠢᠭᠤᠯᠵᠤ᠂ ᠰᠢᠨ᠎ᠡ | ᠲᠢᠲᠢᠮᠯᠢᠭ ᠠᠭᠤᠰᠬᠢᠨ ᠦᠷᠪᠢᠰᠦᠯ ᠤᠨ ᠡᠪᠡᠳᠴᠢᠨ ᠤ ᠢᠯᠡᠷᠡᠯ ᠲᠠᠢ ᠡᠪᠡᠳᠴᠢᠲᠡᠨ ᠳᠤ ᠣᠨᠣᠰᠢᠯᠠᠨ ᠡᠮᠨᠡᠬᠦ ᠪᠠ ᠡᠮ ᠬᠡᠷᠡᠭᠯᠡᠬᠦ ᠦᠢᠯᠡᠴᠢᠯᠡᠭᠡ ᠬᠠᠩᠭᠠᠬᠤ ᠬᠡᠷᠡᠭᠲᠡᠢ᠃ | ᠨᠡᠶᠢᠭᠡᠮ ᠲᠣᠭᠤᠷᠢᠭ ︵ᠲᠣᠰᠬᠤᠨ︶ ᠵᠢᠴᠢ ᠦᠨᠳᠦᠰᠦᠨ ᠱᠠᠲᠤᠨ ᠤ ᠵᠣᠬᠢᠶᠠᠨ ᠪᠠᠶᠢᠭᠤᠯᠤᠯᠲᠠ ᠨᠤᠭᠤᠳ ᠳᠠᠶᠢᠴᠢᠯᠠᠯᠲᠠ ᠤᠬᠠᠭᠤᠯᠭ᠎ᠠ ᠶᠢ ᠥᠷᠭᠡᠨ ᠢᠶᠠᠷ | ᠥᠷᠨᠢᠭᠦᠯᠵᠦ᠂ ᠡᠷᠡᠭᠦᠯ ᠮᠡᠨᠳᠦ ᠶᠢᠨ ᠬᠥᠮᠦᠵᠢᠯ᠂ ᠡᠪᠡᠳᠴᠢᠨ ᠦᠵᠡᠭᠦᠯᠬᠦ᠂ ᠡᠮ ᠬᠤᠳᠠᠯᠳᠤᠨ ᠠᠪᠴᠤ ᠡᠮ ᠬᠦᠷᠭᠡᠬᠦ ᠵᠡᠷᠭᠡ ᠦᠢᠯᠡᠴᠢᠯᠡᠭᠡᠨ ᠤ ᠪᠠᠲᠤᠯᠠᠭ᠎ᠠ ᠳᠤ | ᠬᠠᠮᠵᠢᠯᠴᠠᠬᠤ ᠬᠡᠷᠡᠭᠲᠡᠢ᠃ ᠡᠭᠦᠨ ᠤ ᠵᠣᠷᠢᠯᠭ᠎ᠠ ᠨᠢ ᠭᠡᠷ ᠲᠤ ᠪᠠᠨ ᠰᠠᠭᠤᠵᠤ ᠡᠮᠨᠡᠭᠦᠯᠬᠦ ᠳᠤ ᠲᠣᠬᠢᠷᠠᠬᠤ ᠡᠪᠡᠳᠴᠢᠨ ᠤ ᠢᠯᠡᠷᠡᠯ ᠦᠭᠡᠢ ᠬᠠᠯᠳᠠᠪᠤᠷᠢᠯᠠᠭᠰᠠᠳ ᠪᠤᠶᠤ | ᠬᠥᠩᠭᠡᠨ ᠬᠡᠯᠪᠡᠷᠢ ᠶᠢᠨ ᠡᠪᠡᠳᠴᠢᠲᠡᠨ ᠳᠤ ᠵᠣᠬᠢᠬᠤ ᠡᠳᠡᠭᠡᠷᠡᠯᠲᠡ ᠪᠠ ᠡᠮ ᠬᠡᠷᠡᠭᠯᠡᠬᠦ ᠵᠢᠯᠣᠭᠤᠳᠤᠯᠭ᠎ᠠ ᠬᠠᠩᠭᠠᠬᠤ ᠶᠢᠨ ᠲᠥᠯᠥᠭᠡ ᠶᠤᠮ᠃ | ᠨᠠᠰᠤᠲᠠᠶᠢᠴᠤᠳ᠂ ᠰᠠᠭᠤᠷᠢ ᠡᠪᠡᠳᠴᠢᠨ ᠲᠠᠢ ᠡᠪᠡᠳᠴᠢᠲᠡᠨ᠂ ᠴᠢᠰᠤ ᠨᠡᠪᠴᠢᠭᠦᠯᠬᠦ ᠡᠪᠡᠳᠴᠢᠲᠡᠨ ᠵᠡᠷᠭᠡ ᠬᠥᠮᠥᠰ ᠤᠨ ᠪᠠᠶᠢᠳᠠᠯ ᠢ ᠣᠶᠢᠯᠠᠭᠠᠬᠤ ᠪᠠᠶᠢᠴᠠᠭᠠᠯᠲᠠ | ᠬᠢᠨ᠎ᠡ | ᠤᠯᠤᠰ ᠤᠨ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ ᠠᠴᠠ 12 ᠳ᠋ᠤᠭᠠᠷ ᠰᠠᠷ᠎ᠠ ᠶᠢᠨ 1 ᠤ ᠡᠳᠦᠷ ᠮᠡᠳᠡᠭᠳᠡᠯ ᠪᠠᠭᠤᠯᠭᠠᠭᠰᠠᠨ ᠤ ᠬᠠᠮᠲᠤ ᠪᠦᠬᠦ | ᠲᠠᠯ᠎ᠠ ᠶᠢᠨ ᠪᠠᠶᠢᠷᠢᠯᠠᠭᠤᠯᠤᠯᠲᠠ ᠬᠢᠵᠦ᠂ ᠡᠯ᠎ᠡ ᠭᠠᠵᠠᠷ ᠤᠨ ᠬᠢᠨ 65 ᠨᠠᠰᠤᠨ ᠠᠴᠠ ᠳᠡᠭᠡᠭᠰᠢᠬᠢ ᠨᠠᠰᠤᠲᠠᠶᠢᠴᠤᠳ᠂ ᠢᠯᠠᠩᠭᠤᠶ᠎ᠠ ᠵᠢᠷᠦᠬᠡᠨ ᠤ ᠲᠢᠲᠢᠮ ᠡᠪᠡᠳᠴᠢᠨ᠂ | ᠲᠠᠷᠢᠬᠢᠨ ᠤ ᠰᠠ ᠡᠪᠡᠳᠴᠢᠨ᠂ ᠴᠢᠰᠤᠨ ᠳᠠᠷᠤᠯᠲᠠ ᠥᠨᠳᠥᠷ ᠡᠪᠡᠳᠴᠢᠨ᠂ ᠠᠭᠤᠰᠬᠢᠨ ᠤ ᠠᠷᠬᠠᠭ ᠪᠥᠭᠯᠡᠷᠡᠯᠲᠡ ᠡᠪᠡᠳᠴᠢᠨ᠂ ᠰᠢᠬᠢᠷ ᠰᠢᠵᠢᠩ ᠡᠪᠡᠳᠴᠢᠨ᠂ | ᠤᠳᠠᠭᠠᠨ ᠴᠢᠨᠠᠷᠲᠠᠢ ᠪᠥᠭᠡᠷᠡᠨ ᠤ ᠡᠪᠡᠳᠴᠢᠨ᠂ ᠬᠤᠣᠷᠲᠤ ᠬᠠᠪᠤᠳᠠᠷ ᠤᠨ ᠰᠠᠴᠤᠷᠠᠭ ᠵᠢᠴᠢ ᠬᠢᠮᠢ ᠶᠢᠨ ᠵᠠᠰᠠᠯ ᠬᠢᠯᠭᠡᠵᠦ ᠪᠠᠶᠢᠭ᠎ᠠ ᠡᠪᠡᠳᠴᠢᠲᠡᠨ᠂ ᠪᠠᠰᠠ ᠲᠠᠷᠬᠠᠯᠠᠭ᠎ᠠ | ᠬᠤᠮᠰᠠᠳᠠᠯ ᠲᠠᠢ ᠡᠪᠡᠳᠴᠢᠲᠡᠨ ᠤ ᠪᠠᠶᠢᠳᠠᠯ ᠢ ᠣᠶᠢᠯᠠᠭᠠᠬᠤ ᠪᠠᠶᠢᠴᠠᠭᠠᠯᠲᠠ ᠬᠢᠬᠦ ᠶᠢᠨ ᠬᠠᠮᠲᠤ ᠲᠡᠳᠡᠨ ᠤ ᠸᠠᠺᠼᠢᠨ ᠤ ᠲᠠᠷᠢᠯᠭ᠎ᠠ ᠶᠢᠨ ᠪᠠᠶᠢᠳᠠᠯ ᠢ ᠣᠶᠢᠯᠠᠭᠠᠬᠤ | ᠬᠡᠷᠡᠭᠲᠡᠢ ᠭᠡᠵᠦ ᠱᠠᠭᠠᠷᠳᠠᠭᠰᠠᠨ ᠪᠠᠶᠢᠨ᠎ᠠ᠃ ᠣᠷᠣᠨ ᠨᠤᠲᠤᠭ ᠤᠨ ᠬᠢᠨ ᠪᠣᠳᠠᠲᠤ ᠪᠠᠶᠢᠳᠠᠯ ᠲᠠᠢ ᠪᠠᠨ ᠤᠶᠠᠯᠳᠤᠭᠤᠯᠤᠨ᠂ ᠣᠲᠣ ᠶᠢᠨ ᠪᠠᠶᠢᠭ᠎ᠠ ᠬᠤᠪᠢ ᠬᠥᠮᠥᠨ ᠤ | ᠡᠷᠡᠭᠦᠯ ᠮᠡᠨᠳᠦ ᠶᠢᠨ ᠲᠠᠩᠰᠠ ᠡᠪᠬᠡᠮᠡᠯ᠂ ᠨᠠᠰᠤᠲᠠᠶᠢᠴᠤᠳ ᠤᠨ ᠡᠷᠡᠭᠦᠯ ᠮᠡᠨᠳᠦ ᠶᠢᠨ ᠪᠠᠶᠢᠴᠠᠭᠠᠯᠲᠠ᠂ ᠠᠷᠠᠳ ᠤᠨ ᠶᠠᠪᠤᠳᠠᠯ ᠤᠨ ᠨᠠᠰᠤᠲᠠᠶᠢᠴᠤᠳ ᠤᠨ | ᠳᠠᠩᠰᠠᠯᠠᠯᠲᠠ ᠶᠢᠨ ᠰᠢᠰᠲ᠋ᠧᠮ ᠵᠢᠴᠢ ᠸᠠᠺᠼᠢᠨ ᠤ ᠲᠠᠷᠢᠯᠭ᠎ᠠ ᠶᠢᠨ ᠬᠠᠮᠢᠶ᠎ᠠ ᠪᠦᠬᠦᠢ ᠮᠡᠳᠡᠭᠡ ᠵᠠᠩᠭᠢ ᠶᠢ ᠵᠠᠳᠠᠯᠤᠨ ᠬᠠᠷᠢᠴᠠᠭᠤᠯᠵᠤ ᠪᠣᠯᠣᠨ᠎ᠠ᠂ ᠴᠢᠬᠤᠯᠠᠲᠠᠢ ᠦᠶ᠎ᠡ ᠳᠤ | ᠪᠠᠰᠠ ᠡᠷᠦᠬᠡ ᠳᠤ ᠬᠦᠷᠴᠦ ᠪᠠᠶᠢᠴᠠᠭᠠᠯᠲᠠ ᠬᠢᠵᠦ᠂ ᠡᠲᠡᠭᠡᠷ ᠬᠥᠮᠥᠰ ᠤᠨ ᠪᠠᠶᠢᠳᠠᠯ ᠢ ᠲᠣᠳᠣᠷᠬᠠᠢ ᠣᠶᠢᠯᠠᠭᠠᠬᠤ ᠬᠡᠷᠡᠭᠲᠡᠢ᠃ ᠪᠠᠶᠢᠴᠠᠭᠠᠵᠤ ᠳᠠᠭᠤᠰᠤᠭᠰᠠᠨ ᠤ | ᠳᠠᠷᠠᠭ᠎ᠠ᠂ ᠲᠡᠳᠡᠨ ᠤ ᠰᠠᠭᠤᠷᠢ ᠡᠪᠡᠳᠴᠢᠨ ᠤ ᠪᠠᠶᠢᠳᠠᠯ᠂ ᠨᠠᠰᠤᠨ ᠤ ᠪᠠᠶᠢᠳᠠᠯ᠂ ᠸᠠᠺᠼᠢᠨ ᠤ ᠲᠠᠷᠢᠯᠭ᠎ᠠ ᠶᠢᠨ ᠪᠠᠶᠢᠳᠠᠯ ᠵᠡᠷᠭᠡ ᠶᠢ ᠦᠨᠳᠦᠰᠦᠯᠡᠨ ᠲᠥᠷᠥᠯ | ᠬᠤᠪᠢᠶᠠᠵᠤ᠂ ᠠᠳᠠᠯᠢ ᠪᠤᠰᠤ ᠬᠥᠮᠥᠰ ᠲᠤ ᠭᠤᠷᠪᠠᠨ ᠳᠡᠰ ᠬᠤᠪᠢᠶᠠᠨ ᠦᠢᠯᠡᠴᠢᠯᠡᠭᠡ ᠬᠠᠩᠭᠠᠨ᠎ᠠ᠃ ᠵᠠᠷᠢᠮ ᠭᠠᠵᠠᠷ ᠤᠨ ᠬᠢᠨ ᠮᠠᠰᠢ ᠰᠠᠶᠢᠨ ᠲᠤᠷᠰᠢᠯᠭ᠎ᠠ | ᠬᠤᠷᠠᠮᠳᠤᠭᠤᠯᠵᠤ᠂ ᠲᠡᠳᠡ ᠲᠣᠮᠣ ᠳ᠋ᠠᠶᠢᠲ᠋ᠠ ᠶᠢᠨ ᠬᠠᠷᠢᠴᠠᠭᠤᠯᠤᠯ ᠢᠶᠠᠷ ᠲᠠᠮᠵᠢᠨ ᠭᠤᠣᠯᠳᠠᠯᠭ᠎ᠠ ᠲᠠᠢ ᠬᠥᠮᠥᠰ ᠢ ᠰᠢᠭᠤᠳ ᠵᠠᠭᠠᠭᠯᠠᠨ ᠲᠣᠭᠲᠠᠭᠠᠵᠤ᠂ ᠡᠳᠡᠭᠡᠷ | ᠭᠤᠣᠯᠳᠠᠯᠭ᠎ᠠ ᠲᠠᠢ ᠬᠥᠮᠥᠰ ᠤᠨ ᠪᠠᠶᠢᠳᠠᠯ ᠢ ᠨᠡᠶᠢᠭᠡᠮ ᠲᠣᠭᠤᠷᠢᠭ ᠲᠤ ᠳᠠᠮᠵᠢᠭᠤᠯᠵᠤ᠂ ᠲᠠᠬᠢᠨ ᠨᠡᠶᠢᠭᠡᠮ ᠲᠣᠭᠤᠷᠢᠭ ᠢᠶᠠᠷ ᠪᠠᠶᠢᠳᠠᠯ ᠢ ᠣᠶᠢᠯᠠᠭᠠᠬᠤ ᠪᠠᠶᠢᠴᠠᠭᠠᠯᠲᠠ | ᠬᠢᠯᠭᠡᠬᠦ ᠨᠢ ᠬᠥᠮᠥᠨ ᠤ ᠬᠦᠴᠦᠨ ᠢ ᠠᠷᠪᠢᠯᠠᠭᠰᠠᠨ ᠢᠶᠠᠷ ᠪᠠᠷᠠᠬᠤ ᠦᠭᠡᠢ ᠠᠵᠢᠯ ᠤᠨ ᠶᠠᠰᠤ ᠴᠢᠨᠠᠷ ᠢ ᠴᠤ ᠳᠡᠭᠡᠭᠰᠢᠯᠡᠭᠦᠯᠦᠭᠰᠡᠨ ᠪᠣᠯᠬᠤᠷ ᠡᠯ᠎ᠡ ᠭᠠᠵᠠᠷ ᠤᠨ ᠬᠢᠨ | ᠲᠣᠯᠢ ᠪᠣᠯᠭᠠᠭᠤᠰᠢᠲᠠᠢ ᠪᠠᠶᠢᠨ᠎ᠠ᠃ | ᠨᠠᠰᠤᠲᠠᠶᠢᠴᠤᠳ ᠢ ᠬᠠᠷᠢᠶ᠎ᠠ ᠲᠣᠭᠤᠷᠢᠭ ᠤᠨ ᠦᠨᠳᠦᠰᠦᠨ ᠱᠠᠲᠤᠨ ᠤ ᠡᠮ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠪᠠ ᠭᠡᠷ ᠪᠦᠯᠢ ᠶᠢᠨ ᠡᠮᠴᠢ ᠲᠠᠢ | ᠰᠠᠨᠠᠭᠠᠴᠢᠯᠠᠭ᠎ᠠ ᠠᠴᠠ ᠪᠠᠨ ᠬᠠᠮᠵᠢᠯᠴᠠᠵᠤ ᠪᠠᠶᠢᠭᠠᠳ ᠡᠷᠡᠭᠦᠯ ᠮᠡᠨᠳᠦ ᠶᠢᠨ ᠮᠡᠳᠡᠭᠡ ᠵᠠᠩᠭᠢ ᠪᠠᠨ ᠳᠠᠩᠰᠠᠯᠠᠭᠤᠯᠵᠤ᠂ ᠢᠯᠠᠩᠭᠤᠶ᠎ᠠ ᠭᠤᠣᠯᠳᠠᠯᠭ᠎ᠠ ᠲᠠᠢ ᠬᠥᠮᠥᠰ ᠤᠨ ᠭᠡᠷ | ᠪᠦᠯᠢ ᠶᠢᠨ ᠡᠮᠴᠢ ᠶᠢᠨ ᠦᠢᠯᠡᠴᠢᠯᠡᠭᠡ ᠶᠢᠨ ᠭᠡᠷ᠎ᠡ ᠲᠣᠭᠲᠠᠵᠤ ᠴᠢᠳᠠᠬᠤ ᠨᠢ ᠠᠯᠢ ᠴᠢᠳᠠᠬᠤ ᠪᠠᠷ ᠭᠡᠷ᠎ᠡ ᠲᠣᠭᠲᠠᠬᠤ ᠶᠢ ᠤᠷᠢᠶᠠᠯᠠᠵᠤ ᠪᠠᠶᠢᠨ᠎ᠠ᠃ | ᠥᠨᠳᠥᠷ ᠨᠠᠰᠤᠲᠠᠢ ᠰᠠᠭᠤᠷᠢ ᠡᠪᠡᠳᠴᠢᠨ ᠲᠠᠢ ᠨᠠᠰᠤᠲᠠᠶᠢᠴᠤᠳ ᠲᠤ ᠲᠥᠷᠥᠯ ᠲᠠᠰ ᠬᠤᠪᠢᠶᠠᠬᠤ ᠦᠢᠯᠡᠴᠢᠯᠡᠭᠡ ᠬᠠᠩᠭᠠᠨ᠎ᠠ | ᠨᠠᠰᠤᠲᠠᠶᠢᠴᠤᠳ ᠢ ᠭᠤᠷᠪᠠᠨ ᠲᠥᠷᠥᠯ ᠳᠤ ᠬᠤᠪᠢᠶᠠᠨ᠎ᠠ᠂ ᠨᠢᠭᠡᠳᠦᠭᠡᠷ ᠲᠥᠷᠥᠯ ᠨᠢ ᠡᠩ ᠤᠨ ᠬᠥᠮᠥᠰ᠂ ᠳᠠᠷᠤᠢ ᠲᠦᠭᠰᠢᠭᠦᠷᠢ ᠪᠠᠷ ᠳᠣᠣᠷ᠎ᠠ ᠬᠥᠮᠥᠰ ᠪᠣᠯᠣᠨ᠎ᠠ | ᠂ ᠡᠶᠢᠮᠦ ᠬᠥᠮᠥᠰ ᠲᠤ ᠭᠤᠣᠯᠳᠠᠭᠤ ᠡᠷᠡᠭᠦᠯ ᠮᠡᠨᠳᠦ ᠶᠢᠨ ᠬᠥᠮᠦᠵᠢᠯ ᠢ ᠴᠢᠩᠭᠠᠳᠬᠠᠵᠤ᠂ ᠸᠠᠺᠼᠢᠨ ᠤ ᠲᠠᠷᠢᠯᠭ᠎ᠠ ᠬᠢᠭᠰᠡᠨ ᠦᠭᠡᠢ ᠬᠥᠮᠥᠰ ᠢ ᠴᠠᠭ ᠲᠤᠬᠠᠢ ᠳᠤ ᠨᠢ | ᠸᠠᠺᠼᠢᠨ ᠤ ᠲᠠᠷᠢᠯᠭ᠎ᠠ ᠬᠢᠯᠭᠡᠬᠦ ᠪᠠᠷ ᠳᠠᠶᠢᠴᠢᠯᠠᠬᠤ ᠬᠡᠷᠡᠭᠲᠡᠢ᠃ ᠬᠤᠶᠠᠳᠤᠭᠠᠷ ᠲᠥᠷᠥᠯ ᠨᠢ ᠳᠡᠳ᠋ ᠭᠤᠣᠯᠳᠠᠯᠭ᠎ᠠ ᠲᠠᠢ ᠬᠥᠮᠥᠰ ᠪᠣᠯᠣᠨ᠎ᠠ᠂ ᠥᠭᠡᠷ᠎ᠡ ᠪᠠᠷ ᠬᠡᠯᠡᠪᠡᠯ | ᠵᠣᠬᠢᠬᠤ ᠲᠦᠭᠰᠢᠭᠦᠷᠢ ᠲᠠᠢ ᠬᠥᠮᠥᠰ ᠪᠣᠯᠣᠨ᠎ᠠ᠂ ᠡᠨᠡ ᠲᠥᠷᠥᠯ ᠤᠨ ᠬᠥᠮᠥᠰ ᠲᠤ ᠨᠢᠭᠡᠳᠦᠭᠡᠷ ᠳᠡᠰ ᠤᠨ ᠦᠢᠯᠡᠴᠢᠯᠡᠭᠡᠨ ᠤ ᠰᠠᠭᠤᠷᠢᠨ ᠳᠡᠭᠡᠷ᠎ᠡ ᠭᠡᠷ ᠪᠦᠯᠢ ᠶᠢᠨ | ᠠᠵᠢᠭᠯᠠᠯᠲᠠ ᠬᠢᠬᠦ ᠶᠢ ᠴᠢᠩᠭᠠᠳᠬᠠᠵᠤ᠂ ᠴᠠᠭ ᠲᠤᠬᠠᠢ ᠳᠤ ᠨᠢ ᠡᠮ ᠬᠡᠷᠡᠭᠯᠡᠬᠦ ᠵᠢᠯᠣᠭᠤᠳᠤᠯᠭ᠎ᠠ ᠬᠠᠩᠭᠠᠵᠤ᠂ ᠦᠨᠳᠦᠰᠦᠨ ᠱᠠᠲᠤᠨ ᠳᠤ ᠰᠢᠢᠳᠪᠦᠷᠢᠯᠡᠵᠦ ᠳᠡᠶᠢᠯᠬᠦ | ᠦᠭᠡᠢ ᠠᠰᠠᠭᠤᠳᠠᠯ ᠪᠠᠶᠢᠬᠤ ᠶᠢ ᠣᠯᠵᠤ ᠮᠡᠳᠡᠪᠡᠯ ᠴᠠᠭ ᠲᠤᠬᠠᠢ ᠳᠤ ᠨᠢ ᠰᠢᠯᠵᠢᠭᠦᠯᠦᠨ ᠡᠮᠨᠡᠭᠦᠯᠬᠦ ᠬᠡᠷᠡᠭᠲᠡᠢ᠃ ᠭᠤᠷᠪᠠᠳᠤᠭᠠᠷ ᠲᠥᠷᠥᠯ ᠤᠨ ᠬᠥᠮᠥᠰ ᠪᠣᠯ | ᠭᠤᠣᠯᠳᠠᠭᠤ ᠲᠦᠭᠰᠢᠭᠦᠷᠢ ᠪᠠᠷ ᠨᠡᠯᠢᠶᠡᠳ ᠥᠨᠳᠥᠷ ᠬᠥᠮᠥᠰ ᠪᠣᠯᠣᠨ᠎ᠠ᠂ ᠨᠠᠰᠤ ᠨᠢ ᠨᠡᠯᠢᠶᠡᠳ ᠥᠨᠳᠥᠷ᠂ 80 ᠠᠴᠠ ᠳᠡᠭᠡᠭᠰᠢᠬᠢ᠂ ᠰᠠᠭᠤᠷᠢ ᠡᠪᠡᠳᠴᠢᠨ ᠲᠠᠢ | ᠪᠥᠭᠡᠳ ᠲᠣᠭᠲᠠᠭᠤᠨ ᠪᠤᠰᠤ᠂ ᠥᠩᠭᠡᠷᠡᠭᠰᠡᠨ ᠳᠤ ᠪᠠᠰᠠ ᠳᠠᠷᠬᠠᠯᠠᠭᠠᠵᠢᠭᠤᠯᠤᠯᠲᠠ ᠶᠢᠨ ᠲᠠᠷᠢᠯᠭ᠎ᠠ ᠬᠢᠯᠭᠡᠭᠰᠡᠨ ᠦᠭᠡᠢ ᠪᠠᠶᠢᠵᠤ ᠮᠡᠳᠡᠨ᠎ᠡ᠂ ᠡᠶᠢᠮᠦ ᠬᠥᠮᠥᠰ ᠲᠤ | ᠰᠢᠨ᠎ᠡ ᠲᠢᠲᠢᠮᠯᠢᠭ ᠠᠭᠤᠰᠬᠢᠨ ᠦᠷᠪᠢᠰᠦᠯ ᠳᠤ ᠨᠡᠷᠪᠡᠭᠳᠡᠭᠰᠡᠨ ᠢ ᠣᠯᠵᠤ ᠮᠡᠳᠡᠪᠡᠯ ᠳᠠᠷᠤᠢ ᠦᠨᠡᠯᠡᠨ ᠵᠢᠱᠢᠯᠲᠡ ᠬᠢᠵᠦ᠂ ᠬᠡᠷᠡᠭᠴᠡᠭᠡ ᠱᠠᠭᠠᠷᠳᠠᠯᠭ᠎ᠠ ᠪᠠᠨ | ᠦᠨᠳᠦᠰᠦᠯᠡᠨ ᠴᠠᠭ ᠲᠤᠬᠠᠢ ᠳᠤ ᠨᠢ ᠳᠡᠭᠡᠳᠦ ᠱᠠᠲᠤᠨ ᠤ ᠡᠮᠨᠡᠯᠭᠡ ᠶᠢᠨ ᠬᠤᠷᠢᠶ᠎ᠠ ᠳᠤ ᠰᠢᠯᠵᠢᠭᠦᠯᠬᠦ ᠬᠡᠷᠡᠭᠲᠡᠢ᠃ ᠡᠭᠦᠨ ᠤ ᠭᠤᠣᠯᠳᠠᠯᠭ᠎ᠠ ᠨᠢ ᠡᠷᠡᠭᠦᠯ ᠮᠡᠨᠳᠦ ᠶᠢ | ᠪᠠᠲᠤᠯᠠᠨ᠂ ᠬᠦᠨᠳᠦ ᠡᠪᠡᠳᠴᠢᠨ ᠢ ᠰᠡᠷᠭᠡᠶᠢᠯᠡᠵᠦ᠂ ᠠᠳᠠᠯᠢ ᠪᠤᠰᠤ ᠬᠥᠮᠥᠰ ᠲᠤ ᠲᠥᠷᠥᠯ ᠳᠡᠰ ᠬᠤᠪᠢᠶᠠᠨ ᠦᠢᠯᠡᠴᠢᠯᠡᠭᠡ ᠬᠠᠩᠭᠠᠨ᠎ᠠ᠃ ᠬᠢᠵᠠᠭᠠᠷᠲᠠᠢ ᠡᠮ | ᠡᠮᠨᠡᠯᠭᠡ ᠶᠢᠨ ᠡᠬᠢ ᠪᠠᠶᠠᠯᠢᠭ ᠢ ᠬᠠᠮᠤᠭ ᠤᠨ ᠬᠡᠷᠡᠭᠴᠡᠭᠡ ᠲᠠᠢ ᠬᠥᠮᠥᠰ ᠲᠤ ᠬᠦᠷᠭᠡᠵᠦ᠂ ᠡᠮ ᠡᠮᠨᠡᠯᠭᠡ ᠶᠢᠨ ᠡᠬᠢ ᠪᠠᠶᠠᠯᠢᠭ ᠢ ᠪᠦᠷᠢᠯᠭᠡᠬᠦ ᠠᠴᠠ ᠵᠠᠶᠢᠯᠠᠰᠬᠢᠵᠦ᠂ ᠡᠮ | ᠡᠮᠨᠡᠯᠭᠡ ᠶᠢᠨ ᠦᠢᠯᠡᠴᠢᠯᠡᠭᠡᠨ ᠤ ᠦᠷ᠎ᠡ ᠪᠦᠲᠦᠮᠵᠢ ᠪᠠ ᠶᠠᠰᠤ ᠴᠢᠨᠠᠷ ᠢ ᠳᠡᠭᠡᠭᠰᠢᠯᠡᠭᠦᠯᠦᠨ᠎ᠡ᠃ | ᠣᠳᠣᠬᠠᠨ ᠳᠤ ᠮᠠᠨ ᠤ ᠤᠯᠤᠰ ᠤᠨ ᠦᠨᠳᠦᠰᠦᠨ ᠱᠠᠲᠤᠨ ᠤ ᠬᠠᠯᠠᠭᠤᠷᠠᠯ ᠤᠨ ᠡᠮᠴᠢᠯᠡᠭᠡᠨ ᠤ ᠲᠠᠰᠤᠭ ᠤᠨ ᠪᠠᠶᠢᠭᠤᠯᠤᠯᠲᠠ ᠶᠢᠨ ᠶᠠᠮᠠᠷ ᠪᠠᠶᠢᠳᠠᠯ ᠲᠠᠢ ᠪᠣᠢ︖ | | 2022 ᠣᠨ ᠤ 10 ᠳ᠋ᠤᠭᠠᠷ ᠰᠠᠷ᠎ᠠ ᠶᠢᠨ ᠰᠡᠭᠦᠯᠴᠢ ᠪᠣᠯᠲᠠᠯ᠎ᠠ᠂ ᠪᠥᠬᠦ ᠤᠯᠤᠰ ᠤᠨ ᠰᠢᠶᠠᠩ ᠪᠠᠯᠭᠠᠰᠤᠨ ᠤ ᠡᠷᠡᠭᠦᠯ ᠬᠠᠮᠠᠭᠠᠯᠠᠯ ᠤᠨ ᠬᠤᠷᠢᠶ᠎ᠠ ᠪᠠ ᠨᠡᠶᠢᠭᠡᠮ | ᠲᠣᠭᠤᠷᠢᠭ ᠤᠨ ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠲᠥᠪ ᠤᠨ ᠬᠠᠯᠠᠭᠤᠷᠠᠯ ᠤᠨ ᠡᠮᠴᠢᠯᠡᠭᠡᠨ ᠤ ᠲᠠᠰᠤᠭ ︵ᠡᠭᠦᠳᠡᠨ ᠡᠮᠨᠡᠯᠭᠡ︶ ᠢ ᠨᠡᠶᠢᠲᠡ 1.94 ᠲᠦᠮᠡ | ᠪᠠᠶᠢᠭᠤᠯᠵᠤ᠂ ᠦᠨᠳᠦᠰᠦᠨ ᠱᠠᠲᠤᠨ ᠤ ᠡᠮ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠶᠢᠨ 45% ᠶᠢ ᠡᠵᠡᠯᠡᠪᠡ᠃ ᠡᠭᠦᠨ ᠠᠴᠠ ᠭᠠᠳᠠᠨ᠎ᠠ᠂ ᠤᠷᠢᠳᠴᠢᠯᠠᠨ | ᠪᠠᠶᠢᠴᠠᠭᠠᠵᠤ ᠬᠤᠪᠢᠶᠠᠨ ᠣᠨᠣᠰᠢᠯᠠᠬᠤ ᠴᠢᠳᠠᠮᠵᠢ ᠲᠠᠢ ᠬᠠᠯᠠᠭᠤᠷᠠᠯ ᠤᠨ ᠴᠡᠭ ᠢ 2.2 ᠲᠦᠮᠡ ᠪᠠᠶᠢᠭᠤᠯᠵᠤ᠂ 52% ᠢ ᠡᠵᠡᠯᠡᠵᠦ ᠪᠠᠶᠢᠨ᠎ᠠ᠃ ᠣᠳᠣᠬᠠᠨ ᠳᠤ | ᠵᠧᠵᠢᠶᠠᠩ᠂ ᠱᠠᠨᠳᠦ᠋ᠩ᠂ ᠾᠧᠨᠠᠨ᠂ ᠬᠤᠪᠧᠢ ᠪᠣᠯᠣᠨ ᠰᠢᠨᠵᠢᠶᠠᠩ ᠤᠨ ᠦᠢᠯᠡᠳᠪᠦᠷᠢᠯᠡᠯ ᠪᠦᠲᠦᠭᠡᠨ ᠪᠠᠶᠢᠭᠤᠯᠤᠯᠲᠠ ᠶᠢᠨ ᠪᠢᠩᠲ᠋ᠤᠸᠠᠨ ᠵᠡᠷᠭᠡ 5 ᠮᠤᠵᠢ ᠣᠷᠣᠨ ᠤ | ᠪᠦᠲᠦᠭᠡᠨ ᠪᠠᠶᠢᠭᠤᠯᠵᠤ ᠪᠠᠶᠢᠭ᠎ᠠ ᠬᠠᠯᠠᠭᠤᠷᠠᠯ ᠤᠨ ᠡᠮᠴᠢᠯᠡᠭᠡᠨ ᠤ ᠲᠠᠰᠤᠭ ︵ᠡᠭᠦᠳᠡᠨ ᠡᠮᠨᠡᠯᠭᠡ︶ 90% ᠠᠴᠠ ᠳᠡᠭᠡᠭᠰᠢ ᠪᠣᠯᠵᠤ᠂ ᠪᠤᠰᠤᠳ ᠮᠤᠵᠢ ᠬᠤᠲᠠ ᠠᠴᠠ | ᠮᠥᠨ ᠴᠦ ᠪᠦᠲᠦᠭᠡᠨ ᠪᠠᠶᠢᠭᠤᠯᠤᠯᠲᠠ ᠪᠠᠨ ᠲᠦᠷᠭᠡᠳᠬᠡᠵᠦ ᠪᠠᠶᠢᠨ᠎ᠠ᠃ ᠵᠠᠷᠢᠮ ᠭᠠᠵᠠᠷ ᠤᠨ ᠦᠨᠳᠦᠰᠦᠨ ᠱᠠᠲᠤᠨ ᠤ ᠬᠠᠯᠠᠭᠤᠷᠠᠯ ᠤᠨ ᠡᠮᠴᠢᠯᠡᠭᠡᠨ ᠤ ᠲᠠᠰᠤᠭ ︵ | ᠡᠭᠦᠳᠡᠨ ᠡᠮᠨᠡᠯᠭᠡ︶ ᠴᠤ ᠨᠢᠭᠡᠨᠲᠡ ᠮᠠᠰᠢ ᠰᠠᠶᠢᠨ ᠦᠢᠯᠡᠳᠦᠯ ᠢᠶᠠᠨ ᠪᠠᠳᠠᠷᠠᠭᠤᠯᠬᠤ ᠪᠣᠯᠵᠠᠢ᠃ | ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢᠨ ᠲᠠᠰᠤᠷᠠᠯᠲᠠ ᠦᠭᠡᠢ ᠰᠢᠯᠢᠳᠡᠭᠵᠢᠨ ᠲᠡᠭᠦᠯᠳᠡᠷᠵᠢᠬᠦ ᠶᠢ | ᠳᠠᠭᠠᠯᠳᠤᠨ᠂ ᠤᠯᠤᠰ ᠤᠨ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ ᠠᠴᠠ ᠡᠯ᠎ᠡ ᠭᠠᠵᠠᠷ ᠤᠨ ᠬᠢᠨ ᠢ ᠵᠢᠭᠠᠨ ᠵᠢᠯᠤᠭᠤᠳᠴᠤ ᠪᠠᠶᠢᠭᠠᠳ ᠬᠠᠯᠠᠭᠤᠷᠠᠯ ᠤᠨ | ᠡᠮᠴᠢᠯᠡᠭᠡᠨ ᠤ ᠲᠠᠰᠤᠭ ︵ᠡᠭᠦᠳᠡᠨ ᠡᠮᠨᠡᠯᠭᠡ︶ ᠤᠨ ᠪᠦᠲᠦᠭᠡᠨ ᠪᠠᠶᠢᠭᠤᠯᠤᠯᠲᠠ ᠶᠢ ᠲᠦᠷᠭᠡᠳᠬᠡᠨ ᠠᠬᠢᠭᠤᠯᠵᠤ᠂ ᠬᠠᠯᠠᠭᠤᠷᠠᠯ ᠤᠨ ᠴᠡᠭ ᠢ ᠥᠭᠡᠷᠡᠴᠢᠯᠡᠵᠦ | ᠥᠷᠭᠡᠳᠬᠡᠨ ᠪᠠᠶᠢᠭᠤᠯᠬᠤ᠂ ᠤᠭᠰᠠᠷᠠᠮᠠᠯ ᠪᠠᠶᠢᠰᠢᠩ ᠬᠤᠳᠠᠯᠳᠤᠨ ᠠᠪᠬᠤ ᠵᠡᠷᠭᠡ ᠣᠯᠠᠨ ᠵᠦᠢᠯ ᠤᠨ ᠠᠷᠭ᠎ᠠ ᠮᠠᠶ᠋ᠢᠭ ᠢᠶᠠᠷ ᠳᠠᠮᠵᠢᠭᠤᠯᠤᠨ᠂ ᠬᠠᠯᠠᠭᠤᠷᠠᠯ ᠤᠨ | ᠡᠮᠴᠢᠯᠡᠭᠡᠨ ᠤ ᠲᠠᠰᠤᠭ ︵ᠡᠭᠦᠳᠡᠨ ᠡᠮᠨᠡᠯᠭᠡ︶ ᠤᠨ ᠲᠣᠬᠢᠷᠠᠭᠤᠯᠤᠨ ᠪᠠᠶᠢᠭᠤᠯᠬᠤ ᠨᠣᠷᠮ᠎ᠠ ᠶᠢ ᠲᠦᠷᠭᠡᠳᠬᠡᠨ ᠳᠡᠭᠡᠭᠰᠢᠯᠡᠭᠦᠯᠵᠦ ᠪᠠᠶᠢᠨ᠎ᠠ᠃ ᠦᠨᠡᠨ ᠳᠤ ᠪᠠᠨ | ᠬᠠᠯᠠᠭᠤᠷᠠᠯ ᠤᠨ ᠡᠮᠴᠢᠯᠡᠭᠡᠨ ᠤ ᠲᠠᠰᠤᠭ ︵ᠡᠭᠦᠳᠡᠨ ᠡᠮᠨᠡᠯᠭᠡ︶ ᠣᠨᠴᠠᠭᠠᠶᠢᠯᠠᠨ ᠦᠨᠳᠦᠰᠦᠨ ᠱᠠᠲᠤᠨ ᠤ ᠬᠠᠯᠠᠭᠤᠷᠠᠯ ᠤᠨ ᠡᠮᠴᠢᠯᠡᠭᠡᠨ ᠤ ᠲᠠᠰᠤᠭ ︵ᠡᠭᠦᠳᠡᠨ | ᠡᠮᠨᠡᠯᠭᠡ︶ ᠨᠢ ᠲᠡᠶᠢᠮᠦ ᠪᠤᠳᠤᠯᠢᠶᠠᠨᠲᠠᠢ ᠪᠢᠰᠢ᠂ ᠵᠠᠷᠢᠮ ᠭᠠᠵᠠᠷ ᠤᠨ ᠬᠢᠨ ᠨᠢᠭᠡ ᠬᠤᠶᠠᠷ ᠲᠠᠰᠤᠯᠭ᠎ᠠ ᠤᠭᠰᠠᠷᠠᠮᠠᠯ ᠪᠠᠶᠢᠰᠢᠩ ᠢ ᠬᠠᠷᠢᠴᠠᠩᠭᠤᠢ ᠪᠠᠷ ᠲᠤᠰᠠᠭᠠᠷ ᠣᠷᠣᠨ | ᠵᠠᠢ ᠳᠤ ᠲᠣᠬᠢᠷᠠᠭᠤᠯᠤᠭᠰᠠᠨ ᠪᠠᠶᠢᠳᠠᠭ᠃ ᠭᠡᠪᠡᠴᠦ ᠨᠥᠬᠦᠴᠡᠯ ᠲᠠᠢ ᠭᠠᠵᠠᠷ ᠣᠷᠣᠨ ᠤ ᠬᠢᠨ ᠬᠠᠰᠢ ᠯᠡ ᠪᠠᠷᠢᠮᠵᠢᠶ᠎ᠠ ᠶᠣᠰᠣᠭᠠᠷ ᠪᠠᠶᠢᠭᠤᠯᠪᠠᠯ ᠬᠠᠮᠤᠭ ᠤᠨ ᠰᠠᠶᠢᠨ | ᠶᠤᠮ᠃ ᠡᠶᠢᠮᠦ ᠠᠴᠠ ᠪᠢᠳᠡ 2023 ᠣᠨ ᠤ 3 ᠰᠠᠷ᠎ᠠ ᠶᠢᠨ ᠰᠡᠭᠦᠯᠴᠢ ᠪᠠᠷ᠂ ᠡᠯ᠎ᠡ ᠭᠠᠵᠠᠷ ᠤᠨ ᠦᠨᠳᠦᠰᠦᠨ ᠱᠠᠲᠤᠨ ᠤ ᠡᠮ ᠡᠮᠨᠡᠯᠭᠡ ᠡᠷᠡᠭᠦᠯ ᠬᠠᠮᠠᠭᠠᠯᠠᠯ ᠤᠨ | ᠪᠠᠶᠢᠭᠤᠯᠤᠮᠵᠢ ᠶᠢᠨ ᠬᠠᠯᠠᠭᠤᠷᠠᠯ ᠤᠨ ᠡᠮᠴᠢᠯᠡᠭᠡᠨ ᠤ ᠲᠠᠰᠤᠭ ︵ᠡᠭᠦᠳᠡᠨ ᠡᠮᠨᠡᠯᠭᠡ︶ ᠤᠨ ᠪᠠᠶᠢᠭᠤᠯᠤᠯᠲᠠ ᠶᠢ 90% ᠳᠤ ᠬᠦᠷᠭᠡᠬᠦ ᠬᠡᠷᠡᠭᠲᠡᠢ ᠭᠡᠵᠦ ᠳᠤᠷᠠᠳᠪᠠ᠃ | ᠦᠨᠡᠨ ᠳᠤ ᠪᠠᠨ ᠣᠷᠣᠨ ᠨᠤᠲᠤᠭ ᠤᠨ ᠵᠠᠰᠠᠭ ᠤᠨ ᠣᠷᠳᠣᠨ ᠠᠴᠠ ᠴᠢᠬᠤᠯᠠᠴᠢᠯᠠᠨ ᠦᠵᠡᠳᠡᠭ ᠯᠡ ᠶᠤᠮ ᠪᠣᠯ ᠡᠨᠡ ᠬᠦ ᠬᠠᠷᠠᠯᠲᠠ ᠶᠢ ᠪᠡᠶᠡᠯᠡᠭᠦᠯᠵᠦ ᠪᠣᠯᠬᠤ ᠶᠤᠮ᠂ | ᠡᠨᠡ ᠨᠢ ᠦᠨᠳᠦᠰᠦᠨ ᠱᠠᠲᠤᠨ ᠤ ᠡᠮ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠶᠢᠨ ᠬᠠᠯᠠᠭᠤᠷᠠᠵᠤ ᠪᠠᠶᠢᠭ᠎ᠠ ᠡᠪᠡᠳᠴᠢᠲᠡᠨ ᠢ ᠭᠥᠯᠢᠶᠡᠨ ᠠᠪᠴᠤ ᠡᠮᠨᠡᠨ | ᠵᠠᠰᠠᠬᠤ ᠴᠢᠳᠠᠪᠤᠷᠢ ᠶᠢ ᠪᠦᠲᠦᠮᠵᠢᠲᠡᠶ ᠳᠡᠭᠡᠭᠰᠢᠯᠡᠭᠦᠯᠵᠦ ᠴᠢᠳᠠᠨ᠎ᠠ᠃ | ᠦᠨᠳᠦᠰᠦᠨ ᠱᠠᠲᠤᠨ ᠤ ᠡᠮ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠶᠢᠨ ᠬᠥᠮᠥᠨ ᠤ ᠬᠦᠴᠦᠨ ᠬᠦᠷᠦᠯᠴᠡᠬᠦ ᠦᠭᠡᠢ ᠪᠠᠶᠢᠪᠠᠯ ᠶᠠᠭᠠᠬᠢᠬᠤ ᠪᠤᠢ︖ | ᠬᠥᠮᠥᠨ ᠤ ᠬᠦᠴᠦᠨ ᠢ ᠣᠬᠤᠷᠬᠠᠨ ᠬᠤᠭᠤᠴᠠᠭᠠᠨ ᠤ ᠳᠣᠲᠣᠷ᠎ᠠ ᠬᠥᠮᠥᠵᠢᠭᠦᠯᠬᠦ ᠳᠤ ᠨᠡᠯᠢᠶᠡᠳ ᠬᠦᠴᠢᠷᠲᠡᠢ ᠶᠤᠮ᠂ ᠣᠬᠤᠷᠬᠠᠨ ᠬᠤᠭᠤᠴᠠᠭᠠᠨ ᠤ ᠳᠣᠲᠣᠷ᠎ᠠ | ᠬᠤᠶᠠᠳᠤᠭᠠᠷ ᠭᠤᠷᠪᠠᠳᠤᠭᠠᠷ ᠳᠡᠰ ᠤᠨ ᠡᠮᠨᠡᠯᠭᠡ ᠶᠢᠨ ᠬᠤᠷᠢᠶ᠎ᠠ ᠠᠴᠠ ᠬᠥᠮᠥᠨ ᠲᠣᠮᠢᠯᠠᠨ ᠳᠣᠷᠣᠭᠰᠢ ᠪᠠᠭᠤᠯᠭᠠᠬᠤ ᠪᠠᠷ ᠳᠠᠮᠵᠢᠭᠤᠯᠤᠨ᠂ ᠦᠨᠳᠦᠰᠦᠨ ᠱᠠᠲᠤ ᠶᠢ | ᠳᠡᠮᠵᠢᠵᠦ ᠪᠣᠯᠣᠨ᠎ᠠ᠂ ᠪᠠᠰᠠ ᠣᠶᠢᠷ᠎ᠠ ᠶᠢᠨ ᠲᠠᠪᠤᠨ ᠵᠢᠯ ᠤᠨ ᠲᠤᠷᠰᠢ ᠨᠢᠭᠡᠨᠲᠡ ᠠᠵᠢᠯ ᠠᠴᠠ ᠪᠠᠨ ᠪᠠᠭᠤᠵᠤ ᠠᠮᠠᠷᠠᠭᠰᠠᠨ ᠡᠮᠨᠡᠯᠭᠡ ᠶᠢᠨ ᠠᠵᠢᠯᠲᠠᠳ ᠢ ᠤᠷᠢᠵᠤ᠂ | ᠦᠨᠳᠦᠰᠦᠨ ᠱᠠᠲᠤᠨ ᠤ ᠡᠮ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠳᠤ ᠠᠵᠢᠯᠯᠠᠭᠤᠯᠵᠤ ᠪᠣᠯᠣᠨ᠎ᠠ᠃ ᠪᠠᠰᠠ ᠵᠠᠷᠢᠮ ᠪᠤᠰᠤᠳ ᠠᠵᠢᠯ ᠤᠨ ᠪᠠᠶᠢᠷᠢᠨ ᠳᠤ | ᠪᠠᠶᠢᠭ᠎ᠠ ᠡᠮ ᠡᠮᠨᠡᠯᠭᠡ ᠡᠷᠡᠭᠦᠯ ᠬᠠᠮᠠᠭᠠᠯᠠᠯ ᠤᠨ ᠠᠵᠢᠯᠲᠠᠨ ᠢ ᠴᠥᠮ ᠦᠨᠳᠦᠰᠦᠨ ᠱᠠᠲᠤᠨ ᠤ ᠪᠠᠶᠢᠭᠤᠯᠤᠮᠵᠢ ᠳᠤ ᠡᠯᠰᠡᠨ ᠠᠪᠴᠢᠷᠠᠵᠤ᠂ ᠦᠨᠳᠦᠰᠦᠨ ᠱᠠᠲᠤᠨ ᠤ | ᠡᠮ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠶᠢᠨ ᠳᠠᠷᠤᠭᠠᠰᠤ ᠶᠢ ᠨᠢ ᠬᠥᠩᠭᠡᠯᠡᠵᠦ ᠪᠣᠯᠣᠨ᠎ᠠ᠃ | ᠡᠭᠦᠨ ᠤ ᠬᠠᠮᠲᠤ᠂ ᠭᠡᠷ ᠪᠦᠯᠢ ᠶᠢᠨ ᠡᠮᠴᠢ ᠶᠢᠨ ᠦᠢᠯᠡᠳᠦᠯ ᠢ ᠦᠨᠡᠨ ᠬᠦ ᠪᠠᠳᠠᠷᠠᠭᠤᠯᠵᠤ᠂ ᠭᠤᠣᠯᠳᠠᠯᠭ᠎ᠠ ᠲᠠᠢ ᠬᠥᠮᠥᠰ ᠤᠨ ᠭᠡᠷᠡᠲᠦ ᠦᠢᠯᠡᠴᠢᠯᠡᠭᠡ | ᠲᠣᠭᠲᠠᠬᠤ ᠶᠢ ᠠᠬᠢᠭᠤᠯᠤᠨ᠂ ᠪᠦᠬᠦᠨ ᠢ ᠬᠠᠮᠤᠷᠤᠭᠤᠯᠬᠤ ᠪᠠᠷ ᠴᠢᠷᠮᠠᠶᠢᠵᠤ᠂ ᠬᠡᠷᠡᠭᠴᠡᠭᠡ ᠲᠠᠢ ᠦᠶ᠎ᠡ ᠳᠤ ᠭᠡᠷ ᠪᠦᠯᠢ ᠶᠢᠨ ᠡᠮᠴᠢ ᠲᠠᠢ ᠬᠠᠷᠢᠯᠴᠠᠬᠤ ᠪᠣᠯᠬᠤ ᠶᠢ | ᠪᠠᠲᠤᠯᠠᠬᠤ ᠬᠡᠷᠡᠭᠲᠡᠢ᠃ ᠡᠭᠦᠨ ᠠᠴᠠ ᠭᠠᠳᠠᠨ᠎ᠠ᠂ ᠡᠮ ᠡᠮᠨᠡᠯᠭᠡ ᠶᠢᠨ ᠬᠤᠯᠪᠣᠭᠠᠲᠤ ᠴᠣᠭᠴᠠ᠂ ᠡᠮ ᠡᠮᠨᠡᠯᠭᠡ ᠶᠢᠨ ᠬᠠᠮᠲᠤ ᠶᠢᠨ ᠴᠣᠭᠴᠠ ᠶᠢᠨ ᠦᠢᠯᠡᠳᠦᠯ ᠢ | ᠢᠳᠡᠪᠬᠢᠲᠡᠢ ᠪᠠᠳᠠᠷᠠᠭᠤᠯᠬᠤ ᠬᠡᠷᠡᠭᠲᠡᠢ᠃ ᠢᠯᠠᠩᠭᠤᠶ᠎ᠠ ᠳᠠᠭᠠᠭᠤᠯᠤᠭᠴᠢ ᠡᠮᠨᠡᠯᠭᠡ ᠶᠢᠨ ᠬᠤᠷᠢᠶ᠎ᠠ ᠶᠢᠨ ᠦᠢᠯᠡᠳᠦᠯ ᠢ ᠪᠠᠳᠠᠷᠠᠭᠤᠯᠵᠤ᠂ ᠪᠦᠷᠢᠯᠳᠦᠭᠦᠨ ᠨᠢᠭᠡᠴᠢ ᠶᠢᠨ | ᠬᠠᠯᠠᠭᠤᠷᠠᠯ ᠤᠨ ᠡᠭᠦᠳᠡᠨ ᠡᠮᠨᠡᠯᠭᠡ ᠶᠢᠨ ᠪᠦᠲᠦᠭᠡᠨ ᠪᠠᠶᠢᠭᠤᠯᠤᠯᠲᠠ ᠵᠢᠴᠢ ᠠᠵᠢᠯᠯᠠᠭᠠᠨ ᠤ ᠪᠠᠶᠢᠳᠠᠯ ᠳᠤ ᠵᠢᠯᠣᠭᠤᠳᠤᠯᠭ᠎ᠠ ᠦᠵᠡᠭᠦᠯᠬᠦ ᠶᠢ ᠴᠢᠩᠭᠠᠳᠬᠠᠬᠤ ᠬᠡᠷᠡᠭᠲᠡᠢ᠃ | ᠡᠮ ᠡᠮᠨᠡᠯᠭᠡ ᠶᠢᠨ ᠬᠤᠯᠪᠣᠭᠠᠲᠤ ᠴᠣᠭᠴᠠ ᠶᠢᠨ ᠳᠣᠲᠣᠭᠠᠳᠤ ᠳᠠᠬᠢ ᠠᠵᠢᠯᠲᠠᠨ ᠤ ᠲᠣᠬᠢᠷᠠᠭᠤᠯᠤᠯᠲᠠ ᠶᠢ ᠨᠢᠭᠡᠳᠦᠯᠲᠡᠢ ᠲᠥᠯᠥᠪᠯᠡᠵᠦ᠂ ᠬᠤᠣᠰ ᠴᠢᠭᠯᠡᠯ ᠢᠶᠠᠷ | ᠰᠢᠯᠵᠢᠭᠦᠯᠦᠨ ᠡᠮᠨᠡᠭᠦᠯᠬᠦ ᠵᠠᠮ ᠢ ᠰᠠᠭᠠᠳ ᠦᠭᠡᠢ ᠨᠠᠪᠲᠠᠷᠡᠭᠦᠯᠵᠦ᠂ ᠦᠨᠳᠦᠰᠦᠨ ᠱᠠᠲᠤᠨ ᠳᠤ ᠦᠵᠡᠭᠦᠯᠬᠦ ᠮᠡᠷᠭᠡᠵᠢᠯ ᠤᠨ ᠳᠡᠮᠵᠢᠯᠭᠡ᠂ ᠪᠣᠯᠪᠠᠰᠤᠷᠠᠭᠤᠯᠤᠯ ᠢ | ᠴᠢᠩᠭᠠᠳᠬᠠᠨ᠂ ᠵᠢᠯᠣᠭᠤᠳᠤᠯᠭ᠎ᠠ ᠪᠠᠨ ᠴᠢᠩᠭᠠᠳᠬᠠᠬᠤ ᠶᠢᠨ ᠬᠠᠮᠲᠤ ᠶᠠᠰᠤ ᠴᠢᠨᠠᠷ ᠤᠨ ᠡᠵᠡᠮᠳᠡᠯ ᠢ ᠴᠢᠩᠭᠠᠳᠬᠠᠬᠤ ᠬᠡᠷᠡᠭᠲᠡᠢ᠃ | |