ᠮᠣᠩᠭᠤᠯ ᠭᠡᠷ ᠪᠠᠷᠢᠬᠤ ᠠᠯᠬᠤᠮ ᠳᠠᠷᠠᠭ᠎ᠠ
ᠨᠡᠶᠢᠲᠡᠯᠡᠭᠰᠡᠨ ᠴᠠᠭ᠄
2022/11/4
     ᠮᠣᠩᠭᠤᠯ ᠭᠡᠷ ᠪᠠᠷᠢᠬᠤ ᠳᠤ ᠳᠣᠣᠷᠠᠬᠢ ᠮᠡᠲᠦ ᠠᠯᠬᠤᠮ ᠳᠠᠷᠠᠭ᠎ᠠ ᠲᠠᠢ ᠪᠠᠶᠢᠳᠠᠭ᠃     ᠨᠢᠭᠡᠳᠦᠭᠡᠷ ᠲᠤ᠂ ᠵᠠᠰᠠᠭᠰᠠᠨ ᠪᠠᠭᠤᠴᠠ ᠶᠢᠨ ᠳᠡᠭᠡᠷ᠎ᠡ ᠪᠠᠨ ᠬᠠᠨ᠎ᠠ ᠪᠠᠨ ᠴᠠᠭᠠᠷᠢᠭᠯᠠᠨ ᠪᠣᠰᠬᠠᠵᠤ ᠳᠡᠯᠭᠡᠭᠡᠳ‌ᠠᠮᠠ‌‍ᠶᠢ ᠨᠢ ᠲᠠᠭᠠᠷᠠᠭᠤᠯᠤᠨ ᠬᠠᠨ᠎ᠠ ᠶᠢᠨ ᠭᠦᠯᠢᠭ  ᠢᠶᠠᠷ ᠢᠶᠠᠨ ᠲᠣᠭᠲᠠᠭᠰᠠᠨ ᠳᠦᠷᠢᠮ ᠢᠶᠠᠷ ᠬᠤᠯᠪᠤᠵᠤ ᠡᠭᠦᠳᠡᠨ ᠤ ᠬᠡᠰᠡᠭ ᠲᠤ ᠬᠠᠭᠠᠯᠭ᠎ᠠ ᠶᠢᠨ ᠬᠠᠳᠠᠪᠴᠢ ᠪᠠᠨ ᠬᠠᠨ᠎ᠠ ᠲᠠᠢ ᠬᠤᠯᠪᠣᠵᠤ ᠪᠣᠰᠬᠠᠨ᠎ᠠ᠃     ᠬᠤᠶᠠᠳᠤᠭᠠᠷ ᠲᠤ᠂ ᠪᠣᠰᠬᠠᠭᠰᠠᠨ ᠬᠠᠨ᠎ᠠ ᠶᠢᠨ ᠭᠠᠳᠠᠭᠤᠷ ᠪᠦᠰᠡᠯᠡᠭᠦᠷ ᠲᠠᠲᠠᠵᠤ ᠬᠠᠨ᠎ᠠ ᠶᠢᠨ ᠶᠡᠭᠡ ᠪᠠᠭ᠎ᠠ ᠪᠠ ᠲᠣᠭᠤᠷᠢᠭ ᠢᠶᠠᠨ ᠲᠡᠭᠰᠢ ᠪᠤᠯᠭᠠᠵᠤ ᠲᠣᠭᠲᠠᠭᠠᠭᠠᠳ ᠪᠥᠰᠡᠯᠡᠭᠦᠷ ᠢᠶᠠᠨ ᠴᠢᠩᠭᠠᠯᠠᠨ ᠪᠠᠬᠢᠯᠡᠵᠦ ᠤᠶᠠᠨ᠎ᠠ᠃     ᠭᠤᠷᠪᠠᠳᠤᠭᠠᠷ ᠲᠤ᠂ ᠲᠣᠭᠤᠨᠣ ᠪᠣᠰᠬᠠᠬᠤ᠃ ᠬᠡᠯᠬᠢᠶ᠎ᠡ ᠲᠣᠭᠤᠨᠣ ᠶᠢ ᠪᠣᠰᠬᠠᠬᠤ ᠳᠤ ᠤᠷᠢᠳ ᠢᠶᠠᠷ ᠪᠦᠳᠦᠭᠦᠨ ᠮᠣᠳᠣᠨ ᠪᠠᠭᠠᠨ᠎ᠠ ᠪᠠᠷ ᠲᠣᠭᠤᠨᠣ ᠪᠠᠨ ᠲᠣᠯᠣᠨ ᠪᠣᠰᠬᠠᠮᠠᠭᠴᠠ ᠳᠠᠷᠤᠢ ᠳᠥᠷᠪᠡᠨ ᠵᠦᠭ ᠲᠤᠨᠢ ᠣᠨᠢ ᠶᠢ ᠲᠤᠰ ᠲᠤᠰ ᠬᠠᠨ᠎ᠠ ᠶᠢᠨ ᠲᠣᠯᠣᠭᠠᠢ ᠳᠤ ᠰᠠᠭᠤᠯᠭᠠᠨ ᠰᠡᠭᠡᠯᠳᠦᠷᠭᠡ ᠪᠠᠷ ᠨᠢ ᠤᠶᠠᠵᠤ ᠳᠠᠷᠠᠭᠠᠯᠠᠨ ᠪᠤᠰᠤᠳ ᠣᠨᠢ ᠶᠢ ᠰᠠᠭᠤᠯᠭᠠᠨ᠎ᠠ᠃  ᠤᠨᠢ ᠪᠠᠨ‌‍ᠰᠠᠭᠤᠯᠭᠠᠵᠤ ᠪᠠᠷᠠᠭᠰᠠᠨ ᠤ ᠬᠤᠶᠢᠨ᠎ᠠ ᠲᠣᠭᠤᠨᠣ ᠪᠠᠨ ᠳᠡᠭᠰᠢᠯᠡᠨ ᠳᠡᠭᠡᠭᠰᠢ ᠲᠤᠯᠵᠤ ᠳᠠᠷᠤᠭᠤᠯᠭ᠎ᠠ ᠪᠠᠷ ᠣᠨᠢ ᠶᠢᠨ ᠭᠠᠳᠠᠭᠤᠷ ᠳᠠᠷᠤᠵᠤ ᠲᠣᠭᠤᠨᠣ ᠶᠢᠨ ᠲᠡᠭᠰᠢ ᠪᠠᠶᠢᠬᠤ ᠡᠰᠡᠬᠦ ᠶᠢ ᠪᠠᠶᠢᠴᠠᠭᠠᠵᠤ ᠪᠠᠬᠢᠯᠡᠨ ᠳᠠᠷᠤᠨ᠎ᠠ᠃     ᠳᠥᠷᠪᠡᠳᠦᠭᠡᠷ ᠲᠤ᠂ ᠭᠡᠷ ᠳᠡᠭᠡᠪᠦᠷᠯᠡᠭᠦ᠃ ᠬᠠᠮᠤᠭ ᠤᠨ ᠲᠡᠷᠢᠭᠦᠨ ᠳᠤ ᠵᠠᠪᠠᠭ ᠢᠰᠡᠭᠡᠢ ᠶᠢ ᠬᠠᠨ᠎ᠠ ᠶᠢᠨ ᠲᠣᠯᠣᠭᠠᠢ ᠳᠠᠭᠠᠤ ᠨᠥᠮᠥᠷᠦᠭᠦᠯᠦᠨ᠎ᠡ᠃ ᠡᠭᠦᠨ ᠤ ᠳᠠᠷᠠᠭ᠎ᠠ ᠡᠭᠦᠳᠡᠨ ᠤ ᠵᠡᠭᠦᠨ ᠬᠠᠳᠠᠪᠴᠢ ᠶᠢᠨ ᠭᠤᠷᠪᠠᠨ ᠨᠦᠬᠡ ᠠᠴᠠ ᠭᠡᠷ ᠤᠨ ᠶᠦᠳ᠋ ᠤᠨ ᠦᠵᠦᠭᠦᠷ ᠢ ᠲᠤᠰ ᠲᠤᠰ ᠤᠶᠠᠵᠤ ᠲᠣᠭᠲᠠᠭᠠᠨ᠎ᠠ᠃ ᠳᠠᠷᠠᠭ᠎ᠠ ᠨᠢ ᠲᠣᠭᠤᠷᠭ᠎ᠠ ᠶᠢ ᠡᠭᠦᠳᠡᠨ ᠤ ᠲᠠᠯ᠎ᠠ ᠠᠴᠠ ᠡᠬᠢᠯᠡᠨ ᠬᠠᠨ᠎ᠠ ᠶᠢ ᠨᠥᠮᠥᠷᠦᠭᠦᠯᠦᠨ ᠪᠣᠰᠬᠠᠬᠤ ᠶᠢᠨ ᠬᠠᠮᠲᠤ ᠳᠡᠭᠡᠳᠦ ᠶᠦᠳ᠋ ᠢ ᠲᠤᠰᠬᠠᠢ ᠨᠢᠭᠡ ᠬᠦᠮᠦᠨ ᠬᠠᠷᠢᠭᠤᠴᠠᠨ ᠲᠣᠭᠤᠷᠭ᠎ᠠ ᠶᠢ ᠳᠠᠷᠤᠵᠤ ᠪᠦᠰᠡᠯᠡᠵᠦ ᠥᠭᠭᠦᠨ᠎ᠡ᠃ ᠰᠠᠯᠬᠢᠨ ᠤ ᠳᠣᠣᠷ᠎ᠠ ᠲᠠᠯ᠎ᠠ ᠶᠢᠨ ᠲᠣᠭᠤᠷᠭᠠᠨ ᠵᠠᠬ᠎ᠠ ᠶᠢ ᠲᠣᠲᠣᠭᠤᠷ ᠨᠢ ᠳᠠᠷᠤᠬᠤ ᠬᠡᠷᠡᠭᠲᠡᠢ᠃ ᠡᠨᠡ ᠮᠡᠲᠦ ᠭᠤᠷᠪᠠᠨ ᠶᠦᠳ᠋ ᠢ ᠳᠠᠷᠠᠭᠠᠯᠠᠨ ᠲᠠᠲᠠᠨ᠎ᠠ᠃ ᠲᠡᠭᠡᠬᠦ ᠳᠡᠭᠡᠨ ᠳᠣᠣᠷ᠎ᠠ ᠶᠦᠳ᠋ ᠢ ᠲᠠᠲᠠᠬᠤ ᠳᠠᠭᠠᠨ ᠬᠠᠶᠠᠭᠠᠪᠴᠢ ᠪᠠᠨ ᠣᠷᠣᠭᠤᠯᠤᠨ ᠴᠢᠩᠭᠠᠯᠠᠵᠤ ᠲᠠᠲᠠᠬᠤ ᠬᠡᠷᠡᠭᠲᠡᠢ᠃ ᠭᠤᠷᠪᠠᠨ ᠶᠦᠳ᠋ ᠤᠨ ᠦᠵᠦᠭᠦᠷ ᠢ ᠬᠠᠳᠠᠪᠴᠢ ᠶᠢᠨ ᠪᠠᠷᠠᠭᠤᠨ ᠲᠠᠯ᠎ᠠ ᠶᠢᠨ ᠭᠤᠷᠪᠠᠨ ᠨᠦᠬᠡ ᠪᠤᠶᠤ ᠭᠤᠭᠴᠤᠭ᠎ᠠ ᠠᠴᠠ ᠪᠠᠬᠢᠯᠡᠵᠦ ᠤᠶᠠᠳᠠᠭ᠃     ᠲᠠᠪᠤᠳᠤᠭᠠᠷ ᠲᠤ᠂ ᠡᠯᠪᠡᠭᠡᠰᠢ ᠳᠡᠭᠡᠪᠦᠷ ᠲᠠᠯᠪᠢᠬᠤ᠃ ᠬᠠᠮᠤᠭ ᠤᠨ ᠲᠦᠷᠦᠭᠦᠨ ᠳᠤ ᠴᠠᠪᠤᠭ ᠪᠠ ᠲᠣᠲᠣᠭᠤ ᠢᠰᠡᠭᠡᠢ ᠡᠭᠦᠳᠡ ᠵᠡᠷᠭᠡ ᠶᠢ ᠡᠯᠭᠦᠵᠦ ᠲᠠᠯᠪᠢᠨ᠎ᠠ᠃ ᠳᠠᠷᠠᠭ᠎ᠠ  ᠪᠠᠷ ᠨᠢ ᠰᠠᠶ᠋ᠢ ᠭᠡᠷ ᠤᠨ ᠳᠡᠭᠡᠪᠦᠷ ᠢ ᠡᠮᠦᠨ᠎ᠡ ᠠᠴᠠ ᠬᠤᠶᠢᠰᠢ ᠨᠢ ᠲᠤᠰ ᠲᠤᠰ ᠣᠨᠢ ᠶᠢ ᠨᠥᠮᠥᠷᠬᠡᠵᠦ ᠪᠦᠷᠬᠦᠨ᠎ᠡ᠃ ᠭᠡᠬᠦ ᠳᠡᠭᠡᠨ ᠣᠷᠢᠳ ᠢᠶᠠᠷ ᠡᠮᠦᠨ᠎ᠡ ᠲᠠᠯ᠎ᠠ ᠶᠢᠨ ᠳᠡᠭᠡᠪᠦᠷ ᠢ ᠲᠠᠯᠪᠢᠵᠤ᠂ ᠳᠡᠭᠡᠳᠦ ᠲᠠᠯ᠎ᠠ ᠶᠢᠨ ᠤᠭᠤᠰᠤᠷ ᠢ ᠬᠤᠶᠢᠰᠢ ᠨᠢ ᠲᠠᠲᠠᠵᠤ᠂ ᠬᠠᠨ᠎ᠠ ᠶᠢᠨ ᠲᠣᠯᠣᠭᠠᠢ ᠳᠤ ᠤᠶᠠᠨ᠎ᠠ᠃ ᠡᠭᠦᠨ ᠤ ᠳᠠᠷᠠᠭ᠎ᠠ ᠨᠢ ᠬᠤᠶᠢᠲᠤ ᠲᠠᠯ᠎ᠠ ᠶᠢᠨ ᠳᠡᠭᠡᠪᠦᠷ ᠢ ᠡᠮᠦᠨ᠎ᠡ ᠲᠠᠯ᠎ᠠ ᠶᠢᠨ ᠳᠡᠭᠡᠪᠦᠷ ᠤᠨ ᠬᠥᠪᠡᠭᠡ ᠶᠢ ᠡᠮᠭᠦᠭᠦᠯᠦᠨ ᠳᠠᠷᠤᠨ᠎ᠠ᠃᠂ ᠢᠩᠭᠢᠭᠦ ᠨᠢ ᠰᠠᠯᠬᠢ ᠰᠢᠭᠤᠷᠭᠠᠨ ᠳᠤ ᠭᠡᠷ ᠤᠨ ᠳᠡᠭᠡᠪᠦᠷ ᠬᠠᠭᠤᠯᠤᠭᠳᠠᠬᠤ ᠦᠭᠡᠢ᠃ ᠭᠡᠷ ᠤᠨ ᠳᠡᠭᠡᠪᠦᠷ ᠤᠨ ᠳᠡᠭᠡᠳᠦ ᠵᠠᠬ᠎ᠠ ᠳᠤ ᠪᠠᠶᠢᠭ᠎ᠠ ᠬᠤᠶᠠᠷ ᠬᠤᠶᠠᠷ ᠳᠠᠷᠤᠭᠤᠯᠭ᠎ᠠ᠂ ᠶᠢ ᠡᠮᠦᠨᠡᠰᠢ ᠨᠢ ᠲᠠᠲᠠᠬᠤ ᠳᠠᠭᠠᠨ ᠡᠭᠦᠳᠡ ᠭᠤᠣᠯᠯᠠᠭᠤᠯᠤᠨ ᠰᠣᠯᠪᠢᠴᠠᠭᠤᠯᠤᠨ ᠰᠦᠯᠵᠢᠵᠦ ᠥᠯᠵᠡᠢ ᠵᠠᠩᠭᠢᠶ᠎ᠠ ᠭᠠᠷᠭᠠᠵᠤ ᠬᠠᠭᠠᠯᠭ᠎ᠠ ᠶᠢᠨ ᠬᠤᠶᠠᠷ ᠵᠠᠬ᠎ᠠ ᠶᠢᠨ  ᠶᠦᠳ᠋ ᠲᠤ ᠴᠠᠭᠢᠯᠳᠠᠭ ᠤᠶᠠᠳᠠᠯ ᠢᠶᠠᠷ ᠳᠤᠷᠭᠤᠵᠤ ᠤᠶᠠᠬᠤ ᠵᠠᠩᠰᠢᠯ ᠲᠠᠢ ᠪᠢᠯᠡ ᠃      ᠵᠷᠭᠤᠳᠤᠭᠠᠷ ᠲᠤ᠂ ᠡᠷᠦᠭᠡ ᠲᠠᠯᠪᠢᠬᠤ᠃ ᠡᠷᠦᠭᠡ ᠶᠢ ᠪᠠᠭᠠᠨ᠎ᠠ ᠮᠣᠳᠣ ᠪᠠᠷ ᠭᠡᠷ ᠤᠨ ᠣᠷᠣᠢ ᠳᠤ ᠲᠦᠯᠬᠢᠨ ᠭᠠᠷᠭᠠᠵᠤ ᠲᠣᠭᠤᠨᠣ ᠶᠢᠨ ᠳᠡᠭᠡᠷ᠎ᠡ ᠪᠦᠷᠬᠦᠵᠦ ᠲᠠᠯᠪᠢᠨ᠎ᠠ᠃ ᠡᠷᠦᠬᠡᠨ ᠤ ᠵᠡᠭᠦᠨ ᠪᠠᠷᠠᠭᠤᠨ ᠬᠤᠶᠢᠲᠤ ᠤᠭᠤᠰᠤᠷ ᠢ ᠲᠤᠰ ᠪᠦᠷᠢ ᠳᠤᠨᠢ ᠭᠡᠷ ᠤᠨ ᠪᠦᠰᠡᠨ ᠳᠤ ᠬᠠᠪᠴᠢᠭᠤᠯᠤᠨ ᠴᠠᠭᠢᠯᠲᠠᠭ ᠤᠶᠠᠳᠠᠯ ᠢᠶᠠᠷ ᠤᠶᠠᠵᠤ ᠲᠠᠯᠪᠢᠨ᠎ᠠ᠃ ᠡᠷᠦᠬᠡ ᠶᠢᠨ ᠡᠮᠦᠨ᠎ᠡ ᠣᠭᠤᠰᠤᠷ ᠢ ᠠᠮᠢᠳᠤᠯᠢᠭ ᠪᠠᠶᠢᠯᠭᠠᠵᠤ᠂ ᠡᠷᠦᠬᠡ ᠲᠠᠲᠠᠬᠤ᠂ ᠰᠡᠭᠦᠬᠦ ᠳᠤ ᠪᠡᠯᠡᠳᠬᠡᠨ᠎ᠡ᠃ ᠡᠷᠦᠬᠡ ᠶᠢ ᠭᠡᠷ ᠤᠨ ᠣᠷᠣᠢ ᠳᠤ ᠲᠣᠯᠵᠤ ᠭᠠᠷᠭᠠᠬᠤ ᠳᠠᠭᠠᠨ ᠡᠷᠦᠭᠡ ᠪᠠᠨ ᠬᠤᠰᠢᠭᠤᠴᠢᠯᠠᠨ ᠡᠪᠭᠡᠭᠡᠳ ᠳᠤᠮᠳᠠᠭᠤᠷ ᠨᠢ ᠪᠠᠭᠠᠨ᠎ᠠ ᠮᠣᠳᠣ ᠪᠠᠨ ᠴᠢᠬᠢᠵᠦ ᠣᠷᠣᠭᠤᠯᠤᠭᠠᠳ ᠳᠡᠭᠡᠭᠰᠢ ᠨᠢ ᠲᠦᠯᠬᠢᠪᠡᠯ ᠲᠣᠩ ᠠᠮᠠᠷᠬᠠᠨ ᠪᠠᠶᠢᠳᠠᠭ᠃     ᠳᠣᠯᠣᠳᠤᠭᠠᠷ ᠲᠤ᠂ ᠲᠣᠭᠤᠨᠣ ᠶᠢᠨ ᠭᠤᠣᠯ ᠠᠴᠠ ᠴᠢᠭᠲᠠᠭ᠎ᠠ ᠪᠠᠨ ᠤᠶᠠᠵᠤ ᠲᠣᠭᠤᠭᠰᠢ ᠣᠨᠵᠢᠭᠤᠯᠵᠣ ᠴᠢᠭᠳᠠᠭ᠎ᠠ ᠶᠢᠨ ᠳᠡᠭᠡᠰᠦᠨ ᠤ ᠦᠵᠦᠭᠦᠷ ᠲᠤ ᠬᠦᠨᠳᠦ ᠶᠠᠭᠤᠮ᠎ᠠ ᠳᠡᠭᠦᠵᠢᠯᠡᠵᠦ ᠭᠡᠷ ᠤᠨ ᠲᠣᠭᠤᠨᠣ ᠶᠢ ᠲᠡᠭᠰᠢ ᠪᠣᠯᠭᠠᠵᠤ ᠬᠡᠷ ᠤᠨ ᠬᠡᠪ ᠢ ᠲᠣᠭᠲᠠᠭᠠᠨ᠎ᠠ᠃ ᠬᠡᠷ ᠤᠨ ᠬᠡᠪ ᠲᠣᠭᠲᠠᠭᠰᠠᠨ ᠤ ᠰᠡᠬᠦᠯᠡᠷ᠂  ᠴᠢᠭᠳᠠᠭ᠎ᠠ ᠶᠢᠨ ᠦᠵᠦᠬᠦᠷ ᠲᠠᠬᠢ ᠬᠦᠨᠳᠣ  ᠶᠠᠭᠤᠮ᠎ᠠ ᠶᠢ ᠠᠪᠴᠦ ᠬᠠᠶᠠᠭᠠᠳ ᠴᠢᠭᠳᠠᠭ᠎ᠠ ᠶᠢᠨ ᠳᠡᠭᠡᠰᠦ ᠶᠢ ᠭᠤᠷᠪᠠ ᠨᠣᠭᠤᠯᠵᠣ ᠵᠡᠬᠦᠨ ᠬᠤᠶᠢᠨᠠᠬᠢ ᠣᠨᠢ ᠶᠢᠨ ᠲᠣᠣᠷᠠᠲᠣ ᠬᠡᠳᠡᠭ ᠲᠤ ᠬᠠᠪᠴᠢᠭᠤᠯᠣᠨ᠎ᠠ᠃ ᠡᠬᠦᠨ ᠤ ᠳᠠᠷᠠᠭ᠎ᠠ ᠨᠢ ᠭᠡᠷ ᠤᠨ ᠲᠣᠲᠣᠷ᠎ᠠ  ᠪᠠᠨ ᠬᠦᠰᠬᠡ ᠪᠠᠨ ᠡᠯᠬᠦᠵᠦ᠂ ᠭᠡᠷ ᠢᠶᠠᠨ ᠲᠡᠪᠢᠰᠭᠡᠷᠯᠡᠵᠦ᠂ ᠬᠡᠷ ᠤᠨ ᠲᠣᠲᠣᠷᠠᠬᠢ ᠡᠳ᠋ᠯᠡᠯ ᠬᠡᠷᠡᠭᠰᠡᠯ ᠢᠶᠠᠨ ᠲᠦᠪᠬᠢᠨᠡᠭᠦᠯᠦᠨ ᠪᠠᠶᠢᠷᠢᠯᠠᠭᠤᠯᠤᠨ᠎ᠠ᠃ ᠬᠠᠳᠬᠤᠭᠤᠷ ᠲᠣᠭᠤᠨᠣ ᠲᠠᠢ ᠭᠡᠷ ᠢ ᠪᠣᠰᠬᠠᠬᠤ ᠳᠤ ᠣᠷᠢᠳ ᠢᠶᠠᠷ ᠬᠠᠨ᠎ᠠ ᠪᠠᠨ ᠳᠡᠯᠭᠡᠨ ᠪᠣᠰᠬᠠᠭᠰᠠᠨ ᠤ ᠳᠠᠷᠠᠭ᠎ᠠ ᠨᠢᠭᠡ ᠬᠥᠮᠥᠨ ᠥᠨᠳᠥᠷ᠂ ᠶᠠᠭᠤᠮ᠎ᠠ ᠶᠢᠨ ᠳᠡᠭᠡᠷ᠎ᠡ ᠲᠣᠭᠤᠨᠣ ᠪᠠᠨ ᠲᠡᠭᠰᠢ ᠡᠷᠭᠦᠵᠦ᠂ ᠵᠣᠭᠰᠣᠬᠤ ᠳᠤ ᠲᠣᠭᠤᠨᠣ ᠶᠢᠨ ᠳᠥᠷᠪᠡᠨ ᠲᠠᠯ᠎ᠠ ᠠᠴᠠ ᠡᠬᠢᠯᠡᠨ ᠲᠣᠭᠤᠨᠣ ᠶᠢᠨ ᠤᠭᠯᠠᠭᠤᠷᠭ᠎ᠠ ᠶᠢᠨ ᠨᠦᠭᠡᠨ ᠳᠤ ᠣᠨᠢ  ᠪᠠᠨ ᠨᠢᠭᠡ ᠨᠢᠭᠡ ᠪᠠᠷ ᠤᠭᠯᠠᠵᠤ ᠣᠷᠣᠭᠤᠯᠤᠭᠠᠳ᠂  ᠣᠨᠢ ᠶᠢᠨ  ᠶᠣᠵᠣᠭᠤᠷ ᠢ ᠬᠠᠨ᠎ᠠ ᠶᠢᠨ ᠲᠣᠯᠣᠭᠠᠢ ᠳᠤ ᠰᠡᠭᠡᠯᠳᠦᠷᠭᠡ ᠪᠠᠷ ᠪᠠᠬᠢᠯᠡᠵᠦ ᠤᠶᠠᠨ᠎ᠠ ᠃ᠡᠨᠡ ᠮᠡᠲᠦ ᠪᠠᠷ ᠣᠨᠢ ᠪᠠᠨ ᠪᠦᠭᠦᠳᠡ ᠶᠢ ᠪᠠᠷᠢᠵᠤ ᠳᠠᠷᠠᠭ᠎ᠠ ᠨᠢ ᠲᠣᠭᠤᠨᠣ ᠪᠠ ᠭᠡᠷ ᠤᠨ ᠳᠡᠭᠡᠳᠦ ᠪᠡᠶ᠎ᠡ ᠶᠢᠨ ᠲᠡᠭᠰᠢ ᠪᠠᠶᠢᠬᠤ ᠡᠰᠡᠬᠦ ᠶᠢ ᠦᠵᠡᠵᠦ ᠣᠨᠢ ᠶᠢᠨ ᠳᠠᠷᠤᠭᠤᠯᠭ᠎ᠠ ᠪᠠᠨ ᠳᠠᠷᠤᠵᠤ ᠪᠣᠰᠬᠠᠳᠠᠭ᠃᠃ ᠡᠭᠦᠨ ᠠᠴᠠ ᠪᠣᠰᠣᠳ ᠠᠵᠢᠯ ᠨᠢ ᠬᠡᠯᠬᠢᠶ᠎ᠡ ᠲᠣᠭᠤᠨᠣ ᠲᠠᠢ ᠭᠡᠷ ᠪᠠᠷᠢᠬᠤ ᠲᠠᠢ ᠨᠢᠭᠡ ᠯᠡ ᠠᠳᠠᠯᠢ ᠶᠠᠪᠤᠭᠳᠠᠨ᠎ᠠ ᠃
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ