O ᠬᠡᠯᠪᠡᠷᠢ ᠶᠢᠨ ᠴᠢᠰᠤ ᠶᠢ ᠪᠤᠷᠤᠭᠤ ᠶᠡᠬᠦᠯᠡᠪᠡᠯ ᠮᠠᠰᠢ ᠠᠶᠤᠯ ᠲᠠᠢ︕
ᠨᠡᠶᠢᠲᠡᠯᠡᠭᠰᠡᠨ ᠴᠠᠭ᠄
2022/10/8
      ᠮᠠᠰᠢ ᠣᠯᠠᠨ ᠬᠥᠮᠦᠨ ᠤ ᠦᠵᠡᠬᠦ ᠪᠠᠷ᠂ ᠴᠢᠰᠤᠨ ᠤ ᠬᠡᠯᠪᠡᠷᠢ ᠶᠢ ᠭᠤᠤᠯᠳᠠᠭᠤ A ᠬᠡᠯᠪᠡᠷᠢ᠂ B ᠬᠡᠯᠪᠡᠷᠢ᠂  ABᠬᠡᠯᠪᠡᠷᠢ᠂ O ᠬᠡᠯᠪᠡᠷᠢ ᠭᠡᠵᠦ  4  ᠲᠥᠷᠥᠯ ᠳᠤ  ᠬᠤᠪᠢᠶᠠᠨ᠎ᠠ᠃  ᠡᠭᠦᠨ ᠳᠤ  AB  ᠬᠡᠯᠪᠡᠷᠢ ᠶᠢᠨ  ᠬᠥᠮᠦᠨ  ᠶᠠᠮᠠᠷ  ᠴᠤ᠋‌‍ᠬᠡᠯᠪᠡᠷᠢ ᠶᠢᠨ ᠴᠢᠰᠤ ᠶᠡᠭᠦᠯᠡᠬᠦ ᠶᠢ ᠬᠦᠯᠢᠶᠡᠨ ᠠᠪᠴᠤ ᠪᠣᠯᠤᠨ᠎ᠠ᠂ ᠬᠠᠷᠢᠨ O ᠬᠡᠯᠪᠡᠷᠢ ᠶᠢᠨ ᠴᠢᠰᠤ ᠨᠢ ᠶᠠᠮᠠᠷ  ᠴᠤ  ᠬᠥᠮᠦᠨ ᠳ᠋ᠤ᠋‌‍ᠶᠡᠭᠦᠯᠡᠨ ᠥᠭᠴᠦ ᠪᠣᠯᠤᠨ᠎ᠠ ᠭᠡᠳᠡᠭ᠃ ᠭᠡᠪᠡᠴᠦ ᠡᠶᠢᠮᠦ ᠪᠤᠳᠤᠯ ᠪᠣᠯ ᠨᠡᠯᠢᠶᠡᠳ ᠥᠷᠥᠭᠡᠰᠦᠭᠡᠯ ᠶᠤᠮ᠃             ᠬᠡᠪ ᠤᠨ ᠪᠠᠶᠢᠳᠠᠯ ᠳᠣᠣᠷ᠎ᠠ᠂ A ᠬᠡᠯᠪᠡᠷᠢ ᠶᠢᠨ ᠴᠢᠰᠤ ᠲᠠᠢ ᠬᠥᠮᠦᠨ ᠳᠤ A ᠬᠡᠯᠪᠡᠷᠢ ᠶᠢᠨ ᠴᠢᠰᠤ ᠶᠡᠭᠦᠯᠡᠨ᠎ᠡ᠂  Bᠬᠡᠯᠪᠡᠷᠢ ᠶᠢᠨ ᠴᠢᠰᠤ ᠲᠠᠢ ᠬᠥᠮᠦᠨ ᠳᠤ B ᠬᠡᠯᠪᠡᠷᠢ ᠶᠢᠨ  ᠴᠢᠰᠤ  ᠶᠡᠭᠦᠯᠡᠨ᠎ᠡ᠃  ᠬᠡᠷᠪᠡ  ᠪᠤᠰᠤᠳ  ᠲᠥᠷᠥᠯ ᠤᠨ  ᠴᠢᠰᠤ ᠶᠢ ᠶᠡᠭᠦᠯᠡᠪᠡᠯ ᠴᠢᠰᠤᠨ ᠳᠤ ᠤᠷᠪᠠᠯ ᠡᠭᠦᠰᠦᠨ᠎ᠡ᠃ ᠶᠠᠮᠠᠷ ᠴᠢᠰᠤᠨ ᠬᠡᠯᠪᠡᠷᠢ ᠪᠣᠯᠤᠭᠰᠠᠨ ᠴᠤ ᠪᠦᠷ ᠴᠢᠰᠤ  ᠶᠡᠭᠦᠯᠡᠬᠦ ᠠᠴᠠ  ᠡᠮᠦᠨ᠎ᠡABO ᠪᠠ Rh ᠴᠢᠰᠤᠨ ᠬᠡᠯᠪᠡᠷᠢ  ᠶᠢ ᠰᠣᠯᠪᠢᠴᠠᠨ ᠰᠢᠯᠭᠠᠯᠲᠠ ᠬᠢᠨ᠎ᠡ᠂ ᠬᠡᠷᠪᠡ ᠴᠢᠰᠤᠨ ᠬᠡᠯᠪᠡᠷᠢ ᠶᠢ ᠪᠤᠷᠤᠭᠤ ᠶᠡᠭᠦᠯᠡᠪᠡᠯ᠂ᠳᠠᠭᠠᠷᠠᠳᠠᠰᠤ ᠬᠦᠷᠬᠦ᠂ ᠶᠡᠭᠡ ᠬᠠᠯᠠᠭᠤᠷᠠᠬᠤ᠂ ᠳᠤᠷ᠎ᠠ ᠪᠤᠯᠭᠢᠬᠤ᠂ ᠪᠥᠭᠡᠯᠵᠢᠬᠦ ᠵᠡᠷᠭᠡ  ᠴᠢᠰᠤ  ᠶᠡᠭᠦᠯᠡᠭᠰᠡᠨ  ᠲᠤᠰᠬᠠᠯ  ᠭᠠᠷᠴᠤ᠂ᠬᠦᠨᠳᠦ ᠨᠢ ᠦᠬᠦᠬᠦ ᠠᠶᠤᠯᠲᠠᠢ ᠪᠠᠶᠢᠳᠠᠭ᠃              ᠡᠳᠦᠷ ᠲᠤᠲᠤᠮ ᠤᠨ ᠠᠮᠢᠳᠤᠷᠠᠯ ᠳᠤᠮᠳᠠ᠂ ᠬᠥᠮᠦᠰ ᠤᠨ ᠬᠡᠯᠡᠳᠡᠭ ︽ᠲᠡᠭᠦᠰ ᠴᠢᠳᠠᠪᠤᠷᠢᠲᠤ ᠴᠢᠰᠤ︾ ᠭᠡᠳᠡᠭ ᠨᠢ  Oᠬᠡᠯᠪᠡᠷᠢ ᠶᠢᠨ ᠴᠢᠰᠤ ᠶᠢ ᠵᠢᠭᠠᠵᠤ ᠪᠠᠶᠢᠨ᠎ᠠ᠃ O ᠬᠡᠯᠪᠡᠷᠢ ᠶᠢᠨ ᠴᠢᠰᠤ ᠶᠢ ︽ᠲᠡᠭᠦᠰ ᠴᠢᠳᠠᠪᠤᠷᠢᠲᠤ ᠴᠢᠰᠤ︾  ᠭᠡᠵᠦ  ᠦᠵᠡᠵᠦ‌‍ᠪᠠᠶᠢᠬᠤ ᠶᠢᠨ ᠤᠴᠢᠷ ᠨᠢ᠂ O ᠬᠡᠯᠪᠡᠷᠢ ᠶᠢᠨ ᠴᠢᠰᠤᠨ ᠤ ᠤᠯᠠᠭᠠᠨ ᠡᠰ ᠳᠡᠭᠡᠷ᠎ᠡ  A᠂  B  ᠡᠰᠡᠷᠬᠦ  ᠲᠦᠷᠦᠭᠴᠢ  ᠪᠠᠶᠢᠬᠤ‌ᠦᠭᠡᠢ᠂ O ᠬᠡᠯᠪᠡᠷᠢ ᠶᠢᠨ ᠴᠢᠰᠤᠨ ᠤ ᠤᠯᠠᠭᠠᠨ ᠡᠰ ᠢ A᠂ B᠂ AB ᠬᠡᠯᠪᠡᠷᠢ ᠶᠢᠨ ᠡᠪᠡᠳᠴᠢᠲᠡᠨ ᠳᠤ ᠶᠡᠭᠦᠯᠡᠨ  ᠥᠭᠬᠦ ᠶᠢ ᠲᠦᠷ ᠴᠠᠭ ᠤᠨ ᠪᠠᠴᠢᠮ ᠠᠪᠤᠷᠠᠯᠲᠠ ᠳᠤ ᠯᠡ ᠬᠡᠷᠡᠭᠯᠡᠵᠦ ᠪᠣᠯᠤᠨ᠎ᠠ᠃ ᠡᠭᠦᠨ ᠠᠴᠠ ᠪᠣᠯᠵᠦ ᠡᠮᠴᠢᠯᠡᠭᠡᠨ ᠳᠡᠭᠡᠷ᠎ᠡ ᠦᠷᠭᠦᠯᠵᠢ O ᠬᠡᠯᠪᠡᠷᠢ ᠶᠢᠨ ᠴᠢᠰᠤᠨ ᠤ ︽ᠤᠯᠠᠭᠠᠨ ᠡᠰ ᠢ ᠤᠬᠢᠶᠠᠬᠤ︾ ᠪᠠᠷ A᠂ B᠂ AB ᠬᠡᠯᠪᠡᠷᠢ ᠶᠢᠨ ᠡᠪᠡᠳᠴᠢᠲᠡᠨ ᠳᠤ ᠴᠢᠰᠤ‌‍ᠶᠡᠭᠦᠯᠡᠳᠡᠭ᠃ ᠭᠡᠲᠡᠯ᠎ᠡ ᠡᠶᠢᠮᠦ ᠦᠵᠡᠯᠲᠡ ᠪᠣᠯ ᠲᠤᠩ ᠪᠤᠷᠤᠭᠤ ᠶᠤᠮ᠂ ︽ᠲᠡᠭᠦᠰ ᠴᠢᠳᠠᠯᠲᠤ ᠴᠢᠰᠤ︾ ᠭᠡᠳᠡᠭ ᠨᠢ ᠦᠨᠡᠨ ᠳᠡᠭᠡᠨ︽ᠲᠡᠭᠦᠰ ᠴᠢᠳᠠᠯᠲᠤ︾ ᠪᠢᠰᠢ ᠮᠥᠷᠲᠡᠭᠡᠨ ᠲᠤᠩ ᠠᠶᠤᠯᠲᠠᠢ ᠶᠤᠮ᠃ O ᠬᠡᠯᠪᠡᠷᠢ ᠶᠢᠨ ᠴᠢᠰᠤᠨ ᠡᠭᠡᠳᠡᠩ ᠳᠤ  A᠂  B ᠵᠢᠨ‌ᠡᠰᠡᠷᠬᠦ ᠪᠡᠶ᠎ᠡ ᠠᠭᠤᠯᠤᠭᠳᠠᠨ᠎ᠠ᠂ O ᠬᠡᠯᠪᠡᠷᠢ ᠶᠢᠨ ᠴᠢᠰᠤᠨ ᠡᠭᠡᠳᠡᠩ ᠢ A᠂  B᠂  AB  ᠬᠡᠯᠪᠡᠷᠢ ᠶᠢᠨ  ᠡᠪᠡᠳᠴᠢᠲᠡᠨ ‍ᠤ‌‍ᠪᠡᠶ᠎ᠡ ᠳᠤ ᠶᠡᠭᠦᠯᠡᠪᠡᠯ᠂ ᠲᠡᠷᠡ ᠳᠠᠷᠤᠶ ᠡᠭᠡᠳᠡᠬᠦ ᠤᠷᠪᠠᠯ ᠡᠭᠦᠰᠴᠦ᠂ ᠴᠢᠰᠤ ᠬᠦᠷᠲᠡᠭᠰᠡᠳ ᠤᠨ ᠤᠯᠠᠭᠠᠨ ᠡᠰ ᠬᠦᠨᠳᠦ  ᠨᠣᠴᠢᠲᠠᠶ‌ᠡᠪᠳᠡᠯᠡᠭᠡ ᠳᠤ ᠤᠴᠠᠷᠠᠵᠤ ᠴᠢᠰᠤ ᠬᠠᠶᠢᠯᠬᠤ ᠪᠣᠯᠤᠨ᠎ᠠ᠃ ᠡᠶᠢᠮᠦ ᠠᠴᠠ O ᠬᠡᠯᠪᠡᠷᠢ ᠶᠢᠨ ᠴᠢᠰᠤᠨ ᠡᠭᠡᠳᠡᠩ ᠢ ᠪᠤᠰᠤᠳ ᠴᠢᠰᠤᠨ‌‍ᠬᠡᠯᠪᠡᠷᠢ ᠶᠢᠨ ᠴᠢᠰᠤ ᠬᠦᠯᠢᠶᠡᠭᠴᠢ ᠳᠤ ᠶᠡᠭᠦᠯᠡᠨ ᠥᠭᠬᠦ ᠶᠢ ᠬᠤᠷᠢᠭᠯᠠᠪᠠᠯ ᠵᠤᠬᠢᠨ᠎ᠠ᠃ 
ᠢᠷᠡᠯᠲᠡ᠄ ᠠᠷᠠᠳ ᠤᠨ ᠰᠦᠯᠵᠢᠶ᠎ᠡ