ᠴᠠᠭ ᠠᠭᠠᠷ ᠰᠢᠨᠵᠢᠬᠦ ᠮᠤᠩᠭᠤᠯ ᠠᠷᠭ᠎ᠠ
ᠨᠡᠶᠢᠲᠡᠯᠡᠭᠰᠡᠨ ᠴᠠᠭ᠄
2022/10/31
      ᠬᠦᠷᠢᠶᠡᠯᠡᠨ ᠪᠤᠢ ᠤᠷᠴᠢᠨ ᠢᠶᠠᠨ ᠠᠵᠢᠭᠯᠠᠨ ᠴᠠᠭ ᠠᠭᠠᠷ ᠰᠢᠨᠵᠢᠵᠦ ᠪᠤᠯᠳᠠᠭ ᠠᠵᠠᠢ᠃ ᠳᠤᠳᠤᠷᠠᠭᠤᠯᠪᠠᠯ᠂ ᠭᠠᠵᠠᠷ ᠤᠨ ᠭᠠᠷᠴᠠ᠂ ᠮᠤᠳᠤ᠂ ᠡᠪᠡᠰᠦ᠂ ᠤᠷᠭᠤᠮᠠᠯ ᠤᠨ ᠰᠢᠨᠵᠢ᠂ ᠤᠷᠭᠤᠵᠤ᠂ ᠮᠠᠨᠳᠤᠬᠤ ᠪᠠᠶᠢᠳᠠᠯ ᠢ ᠲᠡᠬᠦᠨ ᠤ ᠬᠡᠪ ᠤᠨ ᠪᠤᠰᠤ ᠦᠭᠡᠷᠡᠴᠢᠯᠡᠯᠳᠡ ᠪᠠᠷ ᠲᠡᠭᠷᠢ ᠴᠠᠭ ᠠᠭᠤᠷ ᠤᠨ ᠪᠠᠶᠢᠳᠠᠯ ᠢ ᠲᠦᠰᠦᠭᠡᠯᠡᠨ ᠦᠨᠡᠯᠡᠬᠦ ᠤᠯᠠᠮᠵᠢᠯᠠᠯᠳᠤ ᠠᠷᠭ᠎ᠠ ᠶᠤᠮ᠃ ᠤᠷᠭᠤᠮᠠᠯ ᠰᠤᠳᠤᠯᠤᠭᠠᠴᠢᠳ ᠤᠨ ᠮᠡᠳᠡᠭᠡᠯᠡᠭᠰᠡᠨ ᠢᠶᠠᠷ 400 ᠭᠠᠷᠤᠢ ᠲᠦᠷᠰᠦ ᠶᠢᠨ ᠤᠷᠭᠤᠮᠠᠯ ᠠᠮᠢᠳᠤ ᠪᠠᠷᠤᠮᠧᠳ᠋ᠷ ︵ᠠᠭᠠᠷ ᠤᠨ ᠲᠠᠷᠤᠯᠳᠠ ᠬᠡᠮᠵᠢᠬᠦ ᠪᠠᠭᠠᠵᠢ︶ ᠭᠡᠭᠳᠡᠳᠡᠭ ᠠᠵᠠᠢ᠃     — ᠰᠦᠨᠢ ᠬᠤᠳᠤᠭᠤᠷ ᠬᠦᠨᠳᠡᠢ ᠭᠠᠵᠠᠷ ᠬᠦᠢᠳᠡᠪᠳᠦᠷ᠂ ᠲᠤᠪᠤ ᠲᠤᠯᠤᠭᠠᠳ ᠦᠨᠳᠦᠷ ᠭᠠᠵᠠᠷ ᠢᠶᠠᠷ ᠲᠤᠯᠠᠭᠠᠪᠳᠤᠷ ᠪᠠᠶᠢᠪᠠᠯ ᠮᠠᠷᠭᠠᠰᠢ ᠨᠢ ᠴᠠᠭ ᠠᠭᠠᠷ ᠲᠤᠭᠳᠠᠭᠤᠨ ᠪᠤᠯᠤᠨ᠎ᠠ᠃     — ᠬᠠᠪᠤᠷ ᠨᠤᠭᠤᠭ᠎ᠠ ᠭᠠᠷᠬᠤ ᠲᠠᠢ ᠵᠡᠷᠭᠡ ᠮᠤᠳᠤ ᠨᠠᠪᠴᠢᠯᠠᠬᠤ ᠨᠢ ᠵᠤᠨ ᠳᠠᠭᠠᠨ ᠭᠠᠩᠳᠠᠬᠤ ᠶᠢᠨ ᠰᠢᠨᠵᠢ᠃      — ᠡᠪᠦᠯ ᠮᠤᠳᠤ ᠱᠤᠤᠬᠢᠵᠤ ᠪᠠᠶᠢᠪᠠᠯ ᠲᠤᠯᠠᠭᠠᠷᠠᠬᠤ ᠶᠢᠨ ᠰᠢᠨᠵᠢ᠃     — ᠠᠭᠤᠯᠠ ᠶᠢᠨ ᠮᠤᠳᠤ ᠲᠤᠤᠷᠠᠳᠤ ᠲᠠᠯ᠎ᠠ ᠠᠴᠠ ᠪᠠᠨ ᠡᠬᠢᠯᠡᠨ ᠰᠢᠷᠠᠯᠠᠵᠤ ᠨᠠᠪᠴᠢ ᠰᠢᠯᠮᠤᠤᠰᠤ ᠨᠢ ᠲᠦᠷᠭᠡᠨ ᠤᠨᠠᠪᠠᠯ ᠴᠠᠰᠤ ᠪᠠᠭᠠᠳᠠᠢ ᠲᠤᠯᠠᠭᠠᠨ ᠡᠪᠦᠯ ᠪᠤᠯᠤᠨ᠎ᠠ᠃      — ᠠᠭᠤᠯᠠ ᠶᠢᠨ ᠮᠤᠳᠤ ᠤᠷᠤᠢ ᠪᠠᠷ ᠢᠶᠠᠨ ᠡᠬᠢᠯᠡᠨ ᠰᠢᠷᠠᠯᠠᠵᠤ ᠨᠠᠪᠴᠢ ᠰᠢᠯᠮᠤᠤᠰᠤ ᠨᠢ ᠤᠳᠠᠭᠠᠨ ᠤᠶᠢᠴᠢᠪᠠᠯ ᠵᠤᠳᠷᠠᠬᠠᠤ ᠪᠠᠶᠢᠬᠤ ᠶᠢᠨ ᠰᠢᠨᠵᠢ᠃      — ᠡᠪᠦᠯ ᠤᠢ ᠳᠤ ᠲᠠᠰ ᠨᠢᠰ ᠬᠢᠨ ᠲᠠᠴᠢᠬᠢᠨᠠᠬᠤ ᠨᠢ ᠬᠦᠢᠳᠡᠨ ᠡᠳᠦᠷ᠂ ᠨᠠᠮᠤᠷ ᠡᠶᠢᠨᠬᠦ ᠲᠤᠤᠭᠠᠷᠬᠤ ᠠᠪᠠᠰᠤ ᠲᠤᠨᠤᠳᠠᠰᠤ ᠦᠭᠡᠢ ᠡᠳᠦᠷ ᠪᠤᠯᠤᠨ᠎ᠠ᠃     — ᠡᠪᠦᠯ ᠮᠤᠳᠤᠨ ᠤ ᠮᠦᠴᠢᠷ ᠲᠡᠭᠡᠷ᠎ᠡ ᠴᠠᠰᠤ ᠪᠠᠭ᠎ᠠ ᠪᠠᠶᠢᠪᠠᠯ ᠵᠤᠨ ᠨᠢ ᠤᠢ ᠳᠤ ᠮᠦᠬᠦ ᠵᠢᠮᠢᠰ ᠪᠠᠭ᠎ᠠ᠃    — ᠭᠠᠴᠤᠷ᠎ᠠ ᠶᠢᠨ ᠬᠠᠭᠤᠷᠠᠢ ᠮᠦᠴᠢᠷ ᠪᠦᠬᠦ᠋ᠢᠭᠰᠡᠨ ᠪᠠᠶᠢᠪᠠᠯ ᠰᠢᠭᠤᠷᠭ᠎ᠠ ᠪᠤᠯᠬᠤ ᠶᠢᠨ ᠲᠤᠬᠢᠶ᠎ᠠ᠃     — ᠰᠠᠯᠬᠢᠨ ᠳᠤ ᠮᠤᠳᠤᠨ ᠤ ᠨᠠᠪᠴᠢᠨ ᠤ ᠲᠡᠭᠡᠳᠦ ᠲᠠᠯ᠎ᠠ ᠨᠢ ᠲᠤᠭᠤᠭᠰᠢ ᠬᠠᠷᠠᠬᠤ ᠪᠤᠶᠤ ᠰᠠᠯᠬᠢ ᠦᠭᠡᠢ ᠡᠳᠦᠷ ᠤᠨᠠᠪᠠᠯ ᠪᠤᠷᠤᠭ᠎ᠠ ᠤᠷᠤᠨ᠎ᠠ᠃     — ᠨᠠᠷᠠᠰᠤ ᠪᠤᠯᠤᠨ ᠭᠠᠴᠤᠷ᠎ᠠ ᠶᠢᠨ ᠮᠦᠴᠢᠷ ᠤᠨᠵᠡᠶᠢᠭᠰᠡᠨ ᠬᠠᠷᠠᠭᠳᠠᠪᠠᠯ ᠬᠤᠷ᠎ᠠ ᠤᠷᠤᠬᠤ ᠶᠢᠨ ᠲᠤᠬᠢᠶ᠎ᠠ᠃     — ᠬᠤᠰᠤ ᠪᠤᠯᠤᠨ ᠴᠠᠷᠠᠰᠤᠨ ᠤ ᠨᠠᠪᠴᠢ ᠪᠦᠷᠢᠨ ᠬᠦᠪᠢᠭᠳᠡᠭᠡ ᠦᠭᠡᠢ ᠪᠤᠯ ᠬᠦᠢᠳᠡᠨ ᠡᠪᠦᠯ ᠪᠤᠯᠤᠨ᠎ᠠ᠃    — ᠮᠤᠳᠤᠨ ᠤ ᠨᠠᠪᠴᠢ ᠶᠡᠷᠦᠳᠡ ᠶᠢᠨ ᠠᠴᠠ ᠪᠠᠨ ᠡᠷᠳᠡ ᠰᠢᠷᠠᠯᠠᠪᠠᠯ ᠡᠷᠳᠡ ᠨᠠᠮᠤᠷᠰᠢᠨ᠎ᠠ᠃       — ᠨᠠᠮᠤᠷ ᠬᠤᠰᠤᠨ ᠤ ᠨᠠᠪᠴᠢ ᠲᠡᠭᠡᠷ᠎ᠡ ᠠᠴᠠ ᠪᠠᠨ ᠡᠬᠢᠯᠡᠨ ᠰᠢᠷᠠᠯᠠᠪᠠᠯ ᠢᠷᠡᠬᠦ ᠵᠢᠯ ᠡᠷᠳᠡ ᠬᠠᠪᠤᠷ ᠪᠤᠯᠤᠨ᠎ᠠ᠃      — ᠠᠷᠪᠠᠳᠤᠭᠠᠷ ᠰᠠᠷᠠᠶᠢᠨ ᠡᠬᠢᠨ ᠳᠤ ᠬᠤᠰᠤᠨ ᠤ ᠨᠠᠪᠴᠢ ᠤᠨᠠᠬᠤ ᠦᠭᠡᠢ ᠪᠤᠯ ᠴᠠᠰᠤ ᠤᠷᠦ᠋ᠢᠳᠠᠵᠤ ᠤᠷᠤᠨ᠎ᠠ᠃      — ᠰᠠᠮᠤᠷ ᠶᠡᠭᠡ᠂ ᠮᠦᠬᠦ ᠪᠠᠭ᠎ᠠ ᠤᠷᠭᠤᠪᠠᠯ ᠴᠠᠰᠤᠷᠬᠠᠭ ᠬᠠᠳᠠᠭᠤ ᠡᠪᠦᠯ ᠪᠤᠯᠤᠨ᠎ᠠ᠃      — ᠵᠤᠨ ᠵᠢᠮᠢᠰ ᠡᠯᠪᠡᠭ ᠤᠷᠭᠤᠪᠠᠯ ᠬᠦᠢᠳᠡᠨ᠂ ᠪᠠᠭ᠎ᠠ ᠤᠷᠭᠤᠪᠠᠯ ᠲᠤᠬᠠᠢ ᠶᠢᠨ ᠨᠤᠳᠤᠭ ᠲᠤ ᠦᠩ ᠲᠠᠢ ᠡᠪᠦᠯ ᠪᠤᠯᠤᠨ᠎ᠠ᠃ ᠬᠡᠪ ᠤᠨ ᠪᠠᠶᠢᠳᠠᠯ ᠲᠠᠢ ᠪᠤᠯ ᠦᠩ ᠲᠠᠢ ᠪᠠᠶᠢᠬᠤ ᠶᠢᠨ ᠰᠢᠨᠵᠢ᠃      — ᠡᠪᠡᠰᠦ ᠤᠷᠭᠤᠮᠠᠯ ᠡᠰᠢ ᠪᠠᠨ ᠤᠷᠭᠤᠵᠤ ᠬᠦᠢᠴᠡᠭᠡ ᠦᠭᠡᠢ ᠪᠠᠶᠢᠬᠤ ᠳᠤ ᠲᠤᠯᠤᠭᠠᠶᠢᠯᠠᠵᠤ ᠴᠡᠴᠡᠭᠯᠡᠬᠦ ᠨᠢ ᠭᠠᠩᠳᠠᠭᠤ ᠪᠠᠶᠢᠬᠤ ᠶᠢᠨ ᠰᠢᠨᠵᠢ᠃      — ᠪᠡᠯᠴᠢᠭᠡᠷ ᠤᠨ ᠤᠷᠭᠤᠮᠠᠯ ᠡᠷᠳᠡ ᠬᠦᠷᠡᠩᠳᠦᠨ ᠲᠤᠯᠤᠭᠠᠶᠢᠯᠠᠪᠠᠯ ᠬᠠᠳᠠᠭᠤᠬᠠᠨ ᠡᠪᠦᠯ ᠪᠤᠯᠤᠨ᠎ᠠ᠃      — ᠬᠠᠵᠠᠭᠠᠷ ᠡᠪᠡᠰᠦ ᠶᠡᠭᠡ ᠤᠷᠭᠤᠪᠠᠯ ᠡᠪᠦᠯ ᠳᠡᠭᠡᠨ ᠴᠠᠰᠤ ᠶᠡᠭᠡ ᠤᠨᠠᠨ᠎ᠠ᠃      — ᠬᠢᠯᠠᠭᠠᠨ᠎ᠠ ᠶᠡᠭᠡ ᠰᠢᠪᠡᠭᠡᠯᠡᠪᠡᠯ ᠶᠠᠯᠢᠬᠦᠢ ᠴᠠᠰᠤ ᠲᠠᠢ ᠡᠪᠦᠯ ᠲᠠᠢ ᠤᠴᠠᠷᠠᠬᠤ ᠶᠢᠨ ᠲᠡᠮᠳᠡᠭ᠃      — ᠭᠤᠤᠯ ᠤᠨ ᠴᠠᠬᠢᠯᠳᠠᠭ ᠡᠷᠳᠡ ᠴᠡᠴᠡᠭᠯᠡᠪᠡᠯ ᠵᠤᠨ ᠳᠠᠭᠠᠨ ᠭᠠᠩᠳᠠᠭᠤ ᠪᠠᠶᠢᠬᠤ ᠶᠢᠨ ᠲᠤᠬᠢᠶ᠎ᠠ᠃     — ᠴᠠᠭᠠᠨ ᠲᠦᠷᠦᠬᠦᠦ ᠶᠡᠭᠡ ᠤᠨᠠᠪᠠᠯ ᠵᠤᠨ ᠳᠠᠭᠠᠨ ᠭᠠᠩᠳᠠᠭᠤ ᠡᠪᠦᠯ ᠳᠡᠭᠡᠨ ᠵᠤᠳᠷᠬᠠᠤ ᠪᠤᠯᠤᠨ᠎ᠠ᠃      — ᠠᠯᠳᠠᠨ ᠬᠤᠩᠭᠤᠷᠴᠤᠭ᠂ ᠬᠤᠩᠬᠤᠨ ᠴᠡᠴᠡᠭ᠂ ᠬᠠᠳᠠᠨ ᠤ ᠪᠤᠳᠠ ᠨᠠᠪᠴᠢ ᠪᠠᠨ ᠬᠤᠮᠢᠪᠠᠯ ᠪᠤᠷᠤᠭ᠎ᠠ ᠤᠷᠤᠨ᠎ᠠ᠃      — ᠤᠷᠭᠤᠮᠠᠯ ᠭᠠᠩᠳᠠᠨ ᠰᠢᠷᠠᠯᠠᠭᠰᠠᠨ ᠤ ᠬᠤᠶᠢᠨ᠎ᠠ ᠡᠩᠬᠡᠷ ᠨᠦᠮᠦᠷᠢ ᠭᠠᠵᠠᠷ ᠢᠶᠠᠷ ᠨᠤᠭᠤᠭ᠎ᠠ ᠬᠡᠨᠵᠡᠯᠡᠨ ᠤᠷᠭᠤᠪᠠᠯ ᠦᠩ ᠲᠠᠢ ᠡᠪᠦᠯ ᠪᠤᠯᠬᠤ ᠶᠢᠨ ᠰᠢᠨᠵᠢ      — ᠤᠯᠢᠶᠠᠩᠭᠠᠷ ᠪᠤᠷᠭᠠᠰᠤ᠂ ᠲᠠᠤᠯᠠᠢ ᠶᠢᠨ ᠪᠦᠭᠡᠷ᠎ᠡ ᠠᠭᠴᠢ ᠮᠤᠳᠤᠨ ᠠᠴᠠ ᠰᠢᠬᠦᠷᠡᠰᠦ ᠢᠯᠭᠠᠷᠴᠤ ᠪᠠᠶᠢᠪᠠᠯ ᠤᠳᠠᠬᠤ ᠦᠭᠡᠢ ᠪᠤᠷᠤᠭ᠎ᠠ ᠤᠷᠤᠬᠤ ᠶᠢᠨ ᠲᠤᠬᠢᠶ᠎ᠠ᠃      — ᠬᠤᠩᠭᠤᠷᠵᠤᠯᠠ᠂ ᠮᠦᠢᠯ᠂ ᠲᠡᠰ ᠤᠨ ᠴᠡᠴᠡᠭ ᠤᠨ ᠲᠡᠭᠡᠷ᠎ᠡ ᠵᠦᠭᠡᠢ ᠲᠦᠩᠬᠢᠨᠡᠯᠳᠦᠨ ᠴᠤᠭᠯᠠᠬᠤ ᠨᠢ ᠮᠠᠷᠭᠠᠰᠢ ᠲᠡᠭᠷᠢ ᠰᠠᠶᠢᠬᠠᠨ ᠪᠠᠶᠢᠬᠤ ᠶᠢᠨ ᠰᠢᠨᠵᠢ᠃      — ᠪᠠᠭᠪᠠᠭ᠋ᠠᠢ ᠴᠡᠴᠡᠭ ᠶᠡᠭᠡ ᠤᠷᠭᠤᠪᠠᠯ ᠪᠤᠷᠤᠭ᠎ᠠ ᠬᠤᠪᠤᠷ ᠪᠤᠯᠬᠤ ᠶᠢᠨ ᠰᠢᠨᠵᠢ᠃      — ᠬᠠᠩᠭᠠᠢ ᠳᠤ ᠵᠤᠨ ᠤ ᠡᠬᠢᠨ ᠰᠠᠷ᠎ᠠ ᠳᠤ ᠵᠢᠵᠢᠭ ᠴᠠᠭᠠᠨ ᠴᠡᠴᠡᠭ ᠡᠯᠪᠡᠭ ᠤᠷᠭᠤᠪᠠᠯ ᠬᠤᠷ᠎ᠠ ᠲᠠᠢ ᠪᠠᠶᠢᠬᠤ ᠶᠢᠨ ᠰᠢᠨᠵᠢ᠃      — ᠪᠠᠭᠪᠠᠭ᠋ᠠᠢ ᠬᠤᠩᠬᠤᠨ ᠴᠡᠴᠡᠭ ᠲᠡᠯᠪᠡᠭᠡ ᠪᠠᠨ ᠲᠡᠯᠭᠡᠭᠰᠡᠨ ᠪᠠᠶᠢᠪᠠᠯ ᠲᠡᠭᠷᠢ ᠰᠠᠶᠢᠬᠠᠨ ᠪᠤᠯᠤᠨ᠎ᠠ᠃       — ᠯᠤᠤᠯᠢ ᠰᠢᠷᠠᠯᠠᠵᠤ ᠦᠨᠳᠦᠷ ᠤᠷᠭᠤᠪᠠᠯ ᠡᠪᠦᠯ ᠴᠠᠰᠤ ᠶᠡᠭᠡ ᠤᠨᠠᠬᠤ ᠶᠢᠨ ᠰᠢᠨᠵᠢ᠃       — ᠪᠠᠭᠪᠠᠭ᠋ᠠᠢ ᠴᠡᠴᠡᠭ ᠡᠷᠳᠡ ᠴᠡᠴᠡᠭᠯᠡᠪᠡᠯ ᠵᠤᠨ ᠪᠤᠭᠤᠨᠢ ᠪᠤᠯᠤᠨ᠎ᠠ᠃      — ᠤᠢ ᠶᠢᠨ ᠢᠷᠭᠤᠢ ᠬᠡᠭᠡᠷ᠎ᠡ ᠲᠠᠯ᠎ᠠ ᠭᠠᠵᠠᠷ ᠵᠢᠷ ᠠᠴᠠ ᠦᠨᠳᠦᠷ ᠡᠰᠢ ᠲᠠᠢ ᠤᠷᠭᠤᠬᠤ ᠨᠢ ᠡᠪᠦᠯ ᠠᠭᠤᠯᠠᠨ ᠳᠠᠭᠠᠨ ᠶᠠᠭ ᠦᠭᠡᠢ ᠴᠠᠰᠤ ᠤᠷᠤᠬᠤ ᠶᠢᠨ ᠰᠢᠨᠵᠢ᠃    
ᠢᠷᠡᠯᠲᠡ᠄ ᠬᠤᠯᠪᠤᠭ᠎ᠠ ᠰᠦᠯᠵᠢᠶ᠎ᠡ