ᠮᠤᠩᠭᠤᠯᠴᠤᠳ ᠤᠨ ᠢᠳᠡᠭᠡᠨ ᠤ ᠪᠠᠶᠢᠭᠠᠯᠢᠯᠢᠭ ᠳᠠᠪᠤᠨ ᠠᠮᠳᠠ
ᠨᠡᠶᠢᠲᠡᠯᠡᠭᠰᠡᠨ ᠴᠠᠭ᠄
2022/10/31
      ᠮᠤᠩᠭᠤᠯᠴᠤᠳ ᠤᠨ ᠪᠠᠶᠢᠭᠠᠯᠢ ᠠᠴᠠ ᠪᠠᠨ ᠳᠡᠭᠦᠵᠤ ᠬᠤᠯᠢᠰᠢᠨ ᠢᠳᠡᠭᠡᠨ ᠪᠤᠯᠭᠠᠳᠠᠭ ᠤᠷᠭᠤᠮᠠᠯ ᠮᠠᠰᠢ ᠠᠷᠪᠢᠨ ᠪᠠᠶᠢᠳᠠᠭ᠃ ᠠᠳᠡ ᠬᠤᠭᠤᠯᠠ ᠢᠳᠡᠭᠡᠨ᠂ ᠮᠢᠬ᠎ᠠ ᠱᠥᠯᠥᠨ ᠳᠤ ᠠᠮᠳᠠ ᠤᠷᠤᠭᠤᠯᠵᠤ ᠰᠢᠮ᠎ᠠ ᠳᠡᠵᠢᠭᠡᠯ ᠨᠥᠬᠦᠪᠤᠷᠢᠯᠡᠳᠡᠭ ᠪᠤᠶᠤ ᠰᠢᠷ᠎ᠠ ᠤᠰᠤᠨ ᠳᠤ ᠳᠠᠷᠤᠰᠢᠭᠤᠯᠬᠤ᠂ ᠠᠭᠠᠷᠴᠠ ᠲᠠᠢ ᠵᠢᠭᠤᠷᠠᠵᠤ ᠬᠠᠳᠠᠭᠠᠬᠤ᠂ ᠴᠡᠴᠡᠭ ᠢ ᠨᠢ ᠳᠠᠷᠤᠰᠢᠭᠤᠯᠬᠤ ᠵᠡᠷᠭᠡ ᠠᠷᠭ᠎ᠠ ᠨᠤᠭᠤᠳ ᠢᠶᠠᠷ ᠵᠠᠭᠤᠰᠢ ᠪᠤᠯᠭᠠᠨ ᠢᠳᠡᠳᠡᠭ ᠬᠥᠮᠡᠯᠢ᠂ ᠳᠠᠭᠠᠨ᠎ᠠ᠂ ᠮᠠᠩᠬᠢᠷ᠂ ᠥᠮᠡᠬᠡᠢ ᠰᠤᠩᠬᠢᠨ᠎ᠠ᠂ ᠭᠤᠭᠤᠳ ᠵᠡᠷᠭᠡ ︽ᠪᠠᠶᠢᠭᠠᠯᠢᠯᠢᠭ ᠳᠠᠪᠤᠨ ᠠᠮᠳᠠ︾ ᠶᠢᠨ ᠳᠤᠬᠠᠢ ᠲᠥᠭᠦᠮ ᠳᠠᠨᠢᠯᠴᠠᠭᠤᠯᠤᠶ᠎ᠠ᠃ ᠡᠳᠡᠭᠡᠷ ︽ᠪᠠᠶᠢᠭᠠᠯᠢᠯᠢᠭ ᠳᠠᠪᠤᠨ ᠠᠮᠳᠠ︾ ᠨᠢ ᠨᠢᠭᠡᠨ ᠢᠵᠠᠭᠤᠷ ᠲᠥᠷᠥᠯ ᠳᠤ ᠪᠠᠭᠳᠠᠳᠠᠭ ᠤᠷᠭᠤᠮᠠᠯ ᠪᠤᠯᠪᠠᠴᠤ ᠪᠥᠷ ᠠᠳᠠᠯᠢ ᠪᠤᠰᠤ ᠠᠭᠠᠭ ᠲᠠᠢ᠂ ᠠᠮᠳᠠ ᠲᠠᠢ ᠪᠠᠶᠢᠳᠠᠭ ᠠᠴᠠ ᠮᠤᠩᠭᠤᠯᠴᠤᠳ ᠳᠡᠭᠦᠨ ᠢ ᠥᠪᠡᠷᠮᠢᠴᠡ ᠤᠨᠴᠠᠯᠢᠭ ᠲᠤᠨᠢ ᠳᠤᠬᠢᠷᠠᠭᠤᠯᠵᠤ ᠡᠳ᠋ᠯᠡᠵᠤ ᠬᠡᠷᠡᠭᠯᠡᠭᠰᠡᠭᠡᠷ ᠤᠨ ᠤᠳᠠᠵᠤ ᠪᠠᠶᠢᠭ᠎ᠠ ᠶᠤᠮ᠃       ᠬᠥᠮᠡᠯᠢ - ᠬᠥᠮᠡᠯᠢ ᠭᠤᠤᠯᠳᠠᠭᠤ ᠭᠤᠪᠢ ᠨᠤᠳᠤᠭ᠂ ᠬᠡᠬᠡᠷ᠎ᠠ ᠳᠠᠯ᠎ᠠ ᠶᠢᠨ ᠡᠯᠡᠰᠥᠷᠬᠡᠭ ᠭᠠᠵᠠᠷ᠂ ᠵᠥᠭᠡᠯᠡᠨ ᠬᠥᠷᠥᠰᠤ ᠲᠠᠢ ᠨᠤᠳᠤᠭ ᠤᠰᠤᠨ ᠳᠤ ᠪᠤᠳᠠᠯᠠᠵᠤ ᠤᠷᠭᠤᠳᠠᠭ ᠰᠢᠭᠦᠰᠦᠯᠢᠭ ᠴᠢᠨᠠᠷᠳᠡᠢ ᠤᠯᠠᠨ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠃ ᠴᠠᠭᠠᠨ ᠭᠠᠵᠠᠷ ᠤᠷᠭᠤᠬᠤ ᠨᠢ ᠪᠠᠭ᠎ᠠ᠂ ᠬᠠᠪᠤᠷ ᠬᠠᠮᠤᠭ ᠡᠷᠳᠡ ᠰᠤᠶᠤᠭᠠᠯᠠᠵᠤ ᠤᠷᠭᠤᠳᠠᠭ᠃ ᠬᠠᠪᠤᠷ ᠴᠠᠭ᠂ ᠮᠤᠩᠭᠤᠯ ᠨᠤᠳᠤᠭ ᠤᠨ ᠬᠥᠮᠥᠨ ᠠᠮᠢᠳᠠᠨ ᠪᠠᠶᠢᠭᠠᠯᠢ ᠶᠢᠨ ᠬᠥᠮᠡᠯᠢ ᠶᠢ ᠬᠠᠮᠤᠭ ᠤᠷᠢᠳ ᠤᠯᠵᠤ ᠢᠳᠡᠳᠡᠭ᠃ ᠬᠥᠮᠡᠯᠢ ᠨᠢᠭᠡ ᠨᠢᠭᠡ ᠰᠢᠷᠬᠡᠭ ᠢᠶᠠᠷ ᠪᠠᠭᠯᠠᠷᠠᠨ ᠤᠷᠭᠤᠨ᠎ᠠ᠃ ᠨᠠᠮᠠᠭ᠎ᠠ ᠨᠢ ᠤᠷᠳᠤ ᠪᠥᠭᠡᠷᠡᠩᠬᠡᠢ ᠬᠡᠯᠪᠡᠷᠢ ᠲᠠᠢ᠂ ᠰᠢᠭᠦᠰᠦᠯᠢᠭ ᠭᠠᠰᠢᠭᠤᠨ ᠠᠮᠳᠠ ᠲᠠᠢ᠂ ᠬᠠᠪᠤᠷ ᠨᠠᠮᠤᠷ ᠬᠤᠶᠠᠷ ᠤᠳᠠᠭ᠎ᠠ ᠴᠡᠴᠡᠭᠯᠡᠳᠡᠭ᠂ ᠴᠡᠴᠡᠭ ᠨᠢ ᠬᠥᠷᠡᠩ ᠤᠯᠠᠪᠳᠤᠷ ᠥᠩᠭᠡ ᠲᠠᠢ᠃ ᠬᠥᠮᠡᠯᠢ ᠮᠠᠰᠢ ᠰᠠᠶᠢᠨ ᠪᠤᠷᠳᠤᠭᠤᠷ ᠡᠪᠡᠰᠤᠨ ᠳᠤ ᠳᠤᠭᠠᠴᠠᠭᠳᠠᠵᠤ᠂ ᠮᠠᠯ ᠠᠮᠢᠳᠠᠨ ᠢᠳᠡᠪᠡᠯ ᠬᠤᠷᠤᠬᠠᠢ ᠳᠠᠭᠤᠳᠠᠭ᠃     ᠮᠤᠩᠭᠤᠯᠴᠤᠳ ᠬᠥᠮᠡᠯᠢ ᠳᠡᠭᠦᠵᠤ ᠮᠢᠬᠠᠨ ᠪᠤᠤᠰᠠ᠂ ᠴᠠᠭᠠᠨ ᠢᠳᠡᠭᠡᠨ ᠪᠤᠤᠰᠠ ᠬᠢᠵᠤ ᠢᠳᠡᠳᠡᠭ᠃ ᠪᠠᠰᠠ ᠮᠢᠬᠠᠨ ᠱᠥᠯᠥ᠂ ᠰᠥᠨ ᠱᠥᠯᠥ᠂ ᠵᠥᠭᠡᠬᠡᠢ ᠶᠢᠨ ᠱᠥᠯᠥ ᠠᠮᠳᠠᠯᠠᠬᠤ᠂ ᠱᠠᠪᠠᠢ ᠠᠮᠳᠠᠯᠠᠵᠤ ᠢᠳᠡᠳᠡᠭ᠃ ᠡᠭᠦᠨ ᠠᠴᠠ ᠭᠠᠳᠠᠨ᠎ᠠ ᠰᠢᠷ᠎ᠠ ᠰᠥᠨ ᠳᠡᠭᠡᠨ ᠳᠠᠷᠤᠰᠢᠭᠤᠯᠵᠤ᠂ ᠠᠷᠢᠭᠢ ᠳᠠᠷᠠᠰᠤ᠂ ᠬᠤᠭᠤᠯᠠ ᠪᠤᠳᠠᠭᠠᠨ ᠤ ᠵᠠᠭᠤᠰᠢ ᠪᠤᠯᠭᠠᠳᠠᠭ᠃ ᠵᠤᠨ ᠨᠠᠮᠤᠷ ᠤᠨ ᠢᠶᠠᠨ ᠢᠳᠡᠬᠦ ᠶᠢ ᠬᠠᠪᠤᠷ ᠳᠡᠭᠦᠵᠤ ᠳᠠᠷᠤᠰᠢᠭᠤᠯᠤᠨ᠎ᠠ᠂ ᠡᠪᠤᠯ ᠬᠠᠪᠤᠷ ᠤᠨ ᠢᠶᠠᠨ ᠢᠳᠡᠬᠦ ᠶᠢ ᠨᠠᠮᠤᠷ ᠳᠡᠭᠦᠵᠤ ᠳᠠᠷᠤᠰᠢᠭᠤᠯᠤᠨ᠎ᠠ᠂ ᠡᠨᠡ ᠮᠡᠳᠤᠴᠢᠯᠡᠨ᠂ ᠮᠤᠩᠭᠤᠯ ᠠᠮᠢᠳᠤᠷᠠᠯ ᠳᠤ ᠬᠥᠮᠡᠯᠢ ᠶᠡᠷᠤ ᠨᠢ ᠳᠤᠳᠠᠳᠠᠭ ᠥᠭᠡᠢ ᠪᠠᠶᠢᠵᠡᠢ᠃ ᠬᠥᠮᠡᠯᠢ ᠨᠢ ᠬᠥᠮᠥᠨ ᠤ ᠪᠡᠶ᠎ᠠ ᠳᠤ ᠡᠳᠤᠶ ᠳᠡᠳᠤᠢ ᠡᠮᠴᠢᠯᠡᠭᠡᠨ ᠤ ᠥᠢᠯᠡᠳᠤᠯ ᠲᠠᠢ ᠪᠠᠶᠢᠳᠠᠭ᠃ ᠬᠠᠪᠤᠷ ᠤᠨ ᠬᠥᠮᠡᠯᠢ ᠨᠠᠰᠤᠳᠡᠶᠢᠴᠤᠳ ᠤᠨ ᠬᠠᠪᠤᠷ ᠤᠨ ᠭᠡᠮ ᠢ ᠠᠨᠠᠭᠠᠵᠤ᠂ ᠪᠠᠰᠠ ᠪᠠᠮ ᠡᠪᠡᠳᠴᠢᠨ᠂ ᠬᠥᠯ ᠤᠨ ᠬᠠᠪᠤᠳᠠᠷ᠂ ᠬᠠᠪᠤᠩ ᠤᠨ ᠭᠡᠮ ᠢ ᠵᠠᠰᠠᠬᠤ ᠥᠢᠯᠡᠳᠤᠯ ᠲᠠᠢ᠃ ᠬᠠᠪᠤᠷ ᠤᠨ ᠬᠥᠮᠡᠯᠢ ᠶᠢ ᠵᠠᠪᠠᠯ ᠳᠡᠭᠷᠢ ᠳᠤᠤᠭᠠᠷᠤᠭᠰᠠᠨ ᠤ ᠳᠠᠷᠠᠭ᠎ᠠ ᠢᠳᠡᠳᠡᠭ ᠶᠤᠰᠤ ᠲᠠᠢ᠂ ᠳᠡᠭᠷᠢ ᠳᠤᠤᠭᠠᠷᠬᠤ ᠠᠴᠠ ᠡᠮᠤᠨ᠎ᠠ ᠢᠳᠡᠪᠡᠯ ᠬᠤᠷᠤᠬᠠᠢ ᠮᠥᠷᠥᠯᠡᠨ᠎ᠠ ᠭᠡᠵᠤ ᠬᠠᠭᠤᠴᠢᠯᠠᠳᠠᠭ ᠪᠢᠯᠡ᠃      ᠳᠠᠭᠠᠨ᠎ᠠ - ᠳᠠᠭᠠᠨ᠎ᠠ ᠭᠤᠤᠯᠳᠠᠭᠤ ᠭᠤᠪᠢ ᠨᠤᠳᠤᠭ᠂ ᠬᠡᠬᠡᠷ᠎ᠠ ᠳᠠᠯ᠎ᠠ ᠶᠢᠨ ᠡᠯᠡᠰᠥᠷᠬᠡᠭ ᠭᠠᠵᠠᠷ᠂ ᠵᠥᠭᠡᠯᠡᠨ ᠬᠥᠷᠥᠰᠤ ᠲᠠᠢ ᠭᠠᠵᠠᠷ ᠢᠶᠠᠷ ᠪᠤᠳᠠᠯᠠᠵᠤ ᠤᠷᠭᠤᠳᠠᠭ ᠤᠯᠠᠨ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠃ ᠴᠠᠭᠠᠨ ᠭᠠᠵᠠᠷ ᠢᠶᠠᠷ ᠪᠠᠭ᠎ᠠ ᠰᠠᠭ᠎ᠠ ᠤᠷᠭᠤᠨ᠎ᠠ᠃ ᠬᠠᠪᠤᠷ ᠴᠠᠭ ᠲᠤ ᠡᠷᠳᠡ ᠰᠤᠶᠤᠭᠠᠯᠠᠵᠤ ᠭᠠᠷᠳᠡᠭ ᠠᠴᠠ ᠬᠥᠮᠥᠨ ᠠᠮᠢᠳᠠᠨ ᠳᠠᠭᠠᠨ᠎ᠠ ᠶᠢ ᠡᠷᠳᠡ ᠤᠯᠵᠤ ᠢᠳᠡᠳᠡᠭ᠃ ᠳᠠᠭᠠᠨ᠎ᠠ ᠨᠢ ᠮᠥᠨ ᠬᠦ ᠬᠥᠮᠡᠯᠢ ᠲᠠᠢ ᠠᠳᠠᠯᠢ ᠨᠢᠭᠡ ᠨᠢᠭᠡ ᠰᠢᠷᠭᠡᠭ ᠢᠶᠠᠷ ᠪᠤᠳᠠᠯᠠᠨ ᠤᠷᠭᠤᠵᠤ᠂ ᠨᠠᠮᠠᠭ᠎ᠠ ᠨᠢ ᠬᠥᠮᠡᠯᠢ ᠠᠴᠠ ᠨᠠᠷᠢᠬᠠᠨ᠂ ᠠᠭᠠᠭ ᠨᠢ ᠴᠢᠩᠭ᠎ᠠ᠂ ᠪᠥᠭᠡᠷᠡᠩᠬᠡᠢ ᠰᠢᠭᠦᠰᠦᠯᠢᠭ ᠪᠠᠶᠢᠳᠠᠭ᠃ ᠬᠠᠪᠤᠷ ᠨᠠᠮᠤᠷ ᠬᠤᠶᠠᠷ ᠤᠳᠠᠭ᠎ᠠ ᠴᠡᠴᠡᠭᠯᠡᠳᠡᠭ᠂ ᠴᠡᠴᠡᠭ ᠨᠢ ᠬᠥᠷᠡᠩ ᠴᠠᠭᠠᠪᠳᠤᠷ ᠶᠠᠭᠠᠨ ᠥᠩᠭᠡ ᠲᠠᠢ᠂ ᠮᠠᠯ ᠳᠡᠵᠢᠭᠡᠪᠤᠷᠢ ᠶᠢ ᠳᠠᠷᠭᠤ ᠠᠪᠤᠭᠤᠯᠬᠤ ᠳᠤ ᠮᠠᠰᠢ ᠰᠠᠶᠢᠨ ᠪᠡᠯᠴᠢᠭᠡᠷ ᠡᠪᠡᠰᠤ ᠮᠥᠨ᠃ ᠳᠡᠮᠡᠭᠡ᠂ ᠬᠤᠨᠢ ᠂ ᠢᠮᠠᠭ᠎ᠠ ᠢᠳᠡᠬᠦ ᠮᠠᠰᠢ ᠳᠤᠷᠠᠳᠡᠢ᠃ ᠪᠠᠰᠠ ᠰᠤᠩᠬᠢᠨ᠎ᠠ ᠶᠢᠨ ᠤᠷᠤᠨ ᠳᠤ ᠢᠳᠡᠵᠤ ᠪᠤᠯᠤᠨ᠎ᠠ᠃      ᠳᠠᠭᠠᠨ᠎ᠠ ᠶᠢ ᠬᠠᠪᠤᠷ ᠳᠡᠬᠦᠵᠤ᠂ ᠠᠭᠠᠷᠴᠠ ᠲᠠᠢ ᠵᠢᠭᠤᠷᠠᠵᠤ ᠪᠠᠵᠠᠵᠤ ᠬᠠᠳᠠᠭᠠᠳᠠᠭ᠃ ᠳᠡᠭᠡᠭᠡᠳ ᠮᠢᠬ᠎ᠠ ᠱᠥᠯᠥᠨ ᠳᠡᠭᠡᠨ ᠠᠮᠳᠠ ᠤᠷᠤᠭᠤᠯᠵᠤ ᠢᠳᠡᠳᠡᠭ᠃ ᠨᠠᠮᠤᠷ ᠪᠤᠯ ᠭᠤᠤᠯᠳᠠᠭᠤ ᠳᠠᠭᠠᠨ᠎ᠠ ᠶᠢᠨ ᠴᠡᠴᠡᠭ ᠳᠡᠭᠦᠵᠤ ᠬᠠᠳᠠᠭᠠᠭᠠᠳ ᠨᠥᠳᠤᠵᠤ᠂ ᠠᠭᠠᠷᠴᠡ ᠲᠠᠢ ᠪᠠᠨ ᠵᠢᠭᠤᠷᠠᠵᠤ ᠬᠠᠳᠠᠭᠠᠵᠤ ᠠᠪᠤᠭᠠᠳ ᠡᠪᠤᠯᠵᠢᠨ ᠬᠠᠪᠤᠷᠵᠢᠨ ᠮᠢᠬ᠎ᠠ ᠱᠥᠯᠥ᠂ ᠪᠤᠤᠰᠠ᠂ ᠪᠠᠩᠰᠢ ᠲᠠᠢ ᠠᠮᠳᠠᠯᠠᠵᠤ ᠢᠳᠡᠳᠡᠭ᠃ ᠪᠠᠰᠠ ᠳᠠᠭᠠᠨ᠎ᠠ ᠶᠢᠨ ᠴᠡᠴᠡᠭ ᠳᠡᠭᠦᠵᠤ ᠭᠠᠳᠠᠭᠠᠭᠠᠳ ᠨᠥᠳᠥᠭᠰᠡᠨ ᠤ ᠳᠠᠷᠠᠭ᠎ᠠ ᠴᠢᠳᠬᠤᠭᠰᠠᠨ ᠭᠡᠳᠡᠰᠤᠨ ᠤ ᠱᠠᠪᠠᠢ ᠳᠤ ᠠᠮᠳᠠ ᠤᠷᠤᠭᠤᠯᠳᠠᠭ᠃ ᠳᠠᠭᠠᠨ᠎ᠠ ᠢᠳᠡᠪᠡᠯ ᠬᠥᠮᠥᠨ ᠤ ᠪᠡᠶ᠎ᠠ ᠶᠢᠨ ᠬᠡᠢ ᠶᠢ ᠳᠠᠷᠤᠬᠤ᠂ ᠢᠳᠡᠭᠡᠨ ᠤ ᠳᠤᠷᠠᠰᠢᠯ ᠢ ᠨᠡᠮᠡᠭᠳᠡᠭᠦᠯᠬᠦ᠂ ᠶᠠᠰᠤᠨ ᠳᠤ ᠰᠢᠮ᠎ᠠ ᠳᠡᠵᠢᠭᠡᠯ ᠨᠥᠬᠦᠪᠤᠷᠢᠯᠡᠬᠦ᠂ ᠳᠠᠮᠢᠷ ᠢ ᠰᠠᠶᠢᠵᠢᠷᠠᠭᠤᠯᠬᠤ ᠥᠢᠯᠡᠳᠤᠯ ᠲᠠᠢ ᠭᠡᠳᠡᠭ᠃ ᠮᠤᠩᠭᠤᠯᠴᠤᠳ ᠬᠠᠪᠤᠷ ᠤᠨ ᠳᠠᠭᠠᠨ᠎ᠠ ᠶᠢ ᠮᠥᠨ ᠴᠤ ᠳᠡᠭᠷᠢ ᠳᠤᠤᠭᠠᠷᠤᠭᠰᠠᠨ ᠤ ᠳᠠᠷᠠᠭ᠎ᠠ ᠰᠠᠶᠢ ᠢᠳᠡᠳᠡᠭ ᠵᠤᠷᠰᠢᠯ ᠲᠠᠢ ᠶᠤᠮ᠃      ᠭᠤᠭᠤᠳ - ᠭᠤᠭᠤᠳ ᠭᠤᠪᠢ ᠨᠤᠳᠤᠭ᠂ ᠬᠡᠬᠡᠷ᠎ᠠ ᠳᠠᠯ᠎ᠠ ᠶᠢᠨ ᠡᠯᠡᠰᠥᠷᠬᠡᠭ ᠭᠠᠵᠠᠷ᠂ ᠵᠥᠭᠡᠯᠡᠨ ᠬᠥᠷᠥᠰᠤ ᠲᠠᠢ ᠨᠤᠳᠤᠭ ᠲᠤ ᠠᠷᠪᠢᠨ ᠤᠷᠭᠤᠳᠠᠭ ᠤᠯᠠᠨ ᠨᠠᠰᠤᠳᠤ ᠡᠪᠡᠰᠦᠯᠢᠭ ᠤᠷᠭᠤᠮᠠᠯ ᠪᠤᠯᠤᠨ᠎ᠠ᠃ ᠴᠠᠭᠠᠨ ᠭᠠᠵᠠᠷ ᠢᠶᠠᠷ ᠪᠠᠭ᠎ᠠ ᠰᠠᠭ᠎ᠠ ᠤᠷᠭᠤᠳᠠᠭ᠃ ᠬᠠᠪᠤᠷ ᠡᠷᠳᠡ ᠰᠤᠶᠤᠭᠠᠯᠠᠵᠤ᠂ ᠬᠠᠪᠤᠷ ᠨᠠᠮᠤᠷ ᠬᠤᠶᠠᠷ ᠤᠳᠠᠭ᠎ᠠ ᠴᠡᠴᠡᠭᠯᠡᠳᠡᠭ᠂ ᠴᠡᠴᠡᠭ ᠨᠢ ᠶᠠᠭᠠᠨ ᠥᠩᠭᠡ ᠲᠠᠢ᠂ ᠨᠢᠭᠡ ᠨᠢᠭᠡ ᠰᠢᠷᠭᠡᠭ ᠢᠶᠠᠷ ᠪᠤᠳᠠᠯᠠᠨ ᠤᠷᠭᠤᠳᠠᠭ᠃ ᠨᠠᠮᠠᠭ᠎ᠠ ᠨᠢ ᠬᠠᠪᠳᠠᠭᠠᠢ ᠬᠡᠯᠪᠡᠷᠢ ᠲᠠᠢ᠂ ᠭᠠᠰᠢᠭᠤᠨ ᠠᠭᠠᠭ ᠲᠠᠢ ᠪᠠᠶᠢᠳᠠᠭ᠃     ᠮᠤᠩᠭᠤᠯᠴᠤᠳ ᠭᠤᠭᠤᠳ ᠢ ᠭᠤᠤᠯᠳᠠᠭᠤ ᠴᠡᠴᠡᠭ ᠢ ᠨᠢ ᠳᠡᠭᠦᠵᠤ ᠳᠠᠪᠤᠰᠤ ᠲᠠᠢ ᠨᠤᠬᠤᠵᠤ᠂ ᠬᠤᠭᠤᠯᠠ ᠪᠤᠳᠠᠭ᠎ᠠ᠂ ᠠᠷᠢᠬᠢ ᠳᠠᠷᠠᠰᠤᠨ ᠤ ᠵᠠᠭᠤᠰᠢ ᠪᠤᠯᠭᠠᠬᠤ ᠂ ᠠᠭᠠᠷᠴᠠ ᠲᠠᠢ ᠵᠢᠭᠤᠷᠠᠵᠤ ᠪᠠᠵᠠᠵᠤ ᠬᠠᠳᠠᠭᠠᠭᠠᠳ᠂ ᠪᠤᠤᠰᠠ᠂ ᠪᠠᠩᠰᠢ᠂ ᠮᠢᠬ᠎ᠠ ᠱᠥᠯᠥ᠂ ᠱᠠᠪᠠᠢ ᠳᠤᠳᠤᠷ᠎ᠠ ᠬᠢᠵᠤ ᠠᠮᠳᠠ ᠪᠤᠯᠭᠠᠳᠠᠭ᠃ ᠭᠤᠭᠤᠳ ᠨᠢ ᠬᠥᠮᠥᠨ ᠤ ᠪᠡᠶ᠎ᠠ ᠳᠤ ᠬᠡᠢ ᠳᠠᠷᠤᠬᠤ᠂ ᠴᠢᠰᠤ ᠶᠢ ᠨᠥᠬᠦᠪᠤᠷᠢᠯᠡᠬᠦ ᠵᠡᠷᠭᠡ ᠡᠮᠴᠢᠯᠡᠭᠡᠨ ᠤ ᠥᠢᠯᠡᠳᠤᠯ ᠲᠠᠢ ᠭᠡᠳᠡᠭ᠃ ᠮᠥᠨ ᠴᠤ ᠬᠠᠪᠤᠷ ᠳᠡᠭᠷᠢ ᠳᠤᠤᠭᠠᠷᠤᠭᠰᠠᠨ ᠠᠴᠠ ᠬᠤᠶᠢᠰᠢ ᠢᠳᠡᠳᠡᠭ᠃      ᠮᠠᠩᠬᠢᠷ - ᠮᠠᠩᠬᠢᠷ ᠭᠤᠤᠯᠳᠠᠭᠤ ᠭᠤᠪᠢ ᠨᠤᠳᠤᠭ᠂ ᠭᠡᠷᠡᠰᠤ ᠱᠠᠤ ᠲᠠᠢ ᠨᠤᠳᠤᠭ᠂ ᠵᠥᠭᠡᠯᠡᠨ ᠬᠥᠷᠥᠰᠤ ᠲᠠᠢ ᠭᠠᠵᠠᠷ ᠲᠤ ᠪᠤᠳᠠᠯᠠᠵᠤ ᠤᠷᠭᠤᠳᠠᠭ ᠤᠯᠠᠨ ᠨᠠᠰᠤᠳᠤ ᠰᠢᠭᠦᠰᠦᠯᠢᠭ ᠤᠷᠭᠤᠮᠠᠯ ᠶᠤᠮ᠃ ᠴᠠᠭᠠᠨ ᠭᠠᠵᠠᠷ ᠤᠷᠭᠤᠬᠤ ᠨᠢ ᠪᠠᠭ᠎ᠠ᠃ ᠬᠠᠪᠤᠷ ᠨᠡᠯᠢᠶᠡᠳ ᠡᠷᠳᠡ ᠰᠤᠶᠤᠭᠠᠯᠠᠳᠠᠭ᠃ ᠨᠠᠮᠠᠭ᠎ᠠ ᠨᠢ ᠬᠠᠪᠳᠠᠭᠠᠢ᠂ ᠴᠡᠴᠡᠭ ᠨᠢ ᠴᠠᠭᠠᠪᠳᠤᠷ ᠶᠠᠭᠠᠨ ᠥᠩᠭᠡ ᠲᠠᠢ ᠨᠠᠮᠤᠷ ᠲᠠᠭᠠᠨ ᠪᠤᠯᠪᠠᠰᠤᠷᠠᠨ᠎ᠠ᠃ ᠪᠤᠯᠪᠠᠰᠤᠷᠠᠭᠰᠠᠨ ᠥᠶ᠎ᠠ ᠳᠤ ᠥᠨᠳᠤᠰᠤᠨ ᠳᠤᠨᠢ ᠵᠢᠵᠢᠭ ᠳᠤᠪᠴᠢᠨ ᠴᠢᠨᠡᠬᠡᠨ ᠪᠥᠭᠡᠷᠡᠩᠬᠡᠢ ᠴᠠᠭᠠᠨ ᠵᠢᠮᠢᠰ ᠰᠠᠭᠤᠳᠠᠭ᠃ ᠢᠳᠡᠬᠦ ᠳᠤ ᠠᠭᠠᠭ ᠪᠠᠭ᠎ᠠ ᠲᠠᠢ᠂ ᠨᠢᠯᠤᠭᠤᠪᠳᠤᠷ ᠭᠤᠱᠤᠭᠤᠨ ᠠᠮᠳᠠ ᠲᠠᠢ ᠪᠠᠶᠢᠳᠠᠭ᠃ ᠬᠤᠨᠢ ᠢᠮᠠᠭ᠎ᠠ ᠢᠳᠡᠬᠦ ᠶᠡᠭᠡ ᠳᠤᠷᠠᠳᠠᠢ᠃      ᠮᠤᠩᠭᠤᠯᠴᠤᠳ ᠮᠠᠩᠬᠢᠷ ᠢ ᠭᠤᠤᠯᠳᠠᠭᠤ ᠨᠠᠮᠤᠷ ᠪᠤᠯᠪᠠᠰᠤᠷᠠᠭᠰᠠᠨ ᠤ ᠬᠢᠨᠢ ᠳᠠᠷᠠᠭ᠎ᠠ ᠮᠠᠯᠳᠠᠵᠤ ᠠᠪᠤᠭᠠᠳ ᠬᠥᠮᠡᠯᠢ ᠲᠠᠢ ᠪᠠᠨ ᠳᠠᠷᠤᠰᠢᠭᠤᠯᠵᠤ ᠢᠳᠡᠳᠡᠭ᠃ ᠴᠡᠴᠡᠭ ᠢ ᠨᠢ ᠳᠡᠭᠦᠵᠤ᠂ ᠳᠠᠭᠠᠨ᠎ᠠ ᠶᠢᠨ ᠴᠡᠴᠡᠭ ᠲᠠᠢ ᠬᠤᠯᠢᠵᠤ ᠬᠠᠳᠠᠭᠠᠭᠠᠳ᠂ ᠮᠢᠬ᠎ᠠ ᠱᠥᠯᠥ᠂ ᠬᠤᠭᠤᠯᠠ ᠪᠤᠳᠠᠭᠠᠨ ᠳᠤ ᠠᠮᠳᠠ ᠤᠷᠤᠭᠤᠯᠵᠤ ᠢᠳᠡᠳᠡᠭ᠃      ᠥᠮᠡᠬᠡᠢ ᠰᠤᠩᠬᠢᠨ᠎ᠠ - ᠪᠠᠰᠠ ᠮᠡᠬᠡᠢ ᠰᠤᠩᠭᠢᠨ᠎ᠠ ︵ᠵᠡᠷᠯᠢᠭ ᠰᠤᠩᠬᠢᠨ᠎ᠠ︶ ᠭᠡᠳᠡᠭ᠃ ᠭᠤᠤᠯᠳᠠᠭᠤ ᠠᠭᠤᠯᠠ ᠵᠢᠯᠠᠭ᠎ᠠ᠂ ᠭᠠᠩᠭ᠎ᠠ ᠶᠢᠨ ᠪᠤᠷᠤᠭᠤ ᠬᠠᠵᠠᠭᠤ᠂ ᠬᠠᠷ᠎ᠠ ᠪᠤᠷᠤ ᠬᠥᠷᠥᠰᠤ ᠲᠠᠢ ᠴᠢᠬᠢᠭᠯᠢᠭ ᠭᠠᠵᠠᠷ ᠢᠶᠠᠷ ᠠᠷᠪᠢᠨ ᠤᠷᠭᠤᠳᠠᠭ᠃ ᠨᠢᠭᠡ ᠨᠢᠭᠡ ᠪᠠᠷ ᠥᠨᠳᠤᠰᠤ ᠬᠠᠳᠬᠤᠵᠤ ᠡᠰᠢᠯᠡᠨ᠂ ᠨᠠᠮᠠᠭ᠎ᠠ ᠨᠢ ᠡᠰᠢ ᠪᠠᠨ ᠳᠠᠭᠠᠵᠤ ᠱᠠᠳᠤᠯᠠᠨ ᠤᠷᠭᠤᠳᠠᠭ᠃ ᠨᠠᠮᠠᠭ᠎ᠠ ᠨᠢ ᠬᠠᠳᠠᠭᠤ ᠪᠥᠭᠡᠷᠡᠩᠬᠡᠢ ᠰᠢᠭᠦᠰᠦᠯᠢᠭ᠂ ᠭᠠᠰᠢᠭᠤᠨ ᠠᠭᠠᠭ ᠲᠠᠢ ᠪᠠᠶᠢᠵᠤ᠂ ᠢᠳᠡᠭᠰᠡᠨ ᠤ ᠳᠠᠷᠠᠭ᠎ᠠ ᠥᠮᠡᠬᠡᠢ ᠥᠨᠤᠷ ᠥᠨᠤᠷᠳᠤᠳᠡᠭ᠃ ᠡᠭᠦᠨ ᠠᠴᠠ ᠪᠤᠯᠵᠤ᠂ ᠥᠮᠡᠬᠡᠢ ᠰᠤᠩᠬᠢᠨ᠎ᠠ ᠭᠡᠵᠤ ᠨᠡᠷᠡᠯᠡᠭᠰᠡᠨ ᠪᠠᠶᠢᠵᠤ ᠳᠠᠭᠠᠷᠠᠨ᠎ᠠ᠃ ᠥᠮᠡᠬᠡᠢ ᠰᠤᠩᠬᠢᠨ᠎ᠠ ᠵᠢᠯ ᠳᠤ ᠨᠢᠭᠡ ᠯᠠ ᠤᠳᠠᠭ᠎ᠠ ᠴᠡᠴᠡᠭᠯᠡᠵᠤ ᠪᠤᠯᠪᠠᠰᠤᠷᠠᠳᠠᠭ᠃ ᠴᠡᠴᠡᠭ ᠨᠢ ᠪᠥᠭᠡᠷᠡᠩᠬᠡᠢ ᠬᠡᠯᠪᠡᠷᠢ ᠲᠠᠢ᠂ ᠰᠢᠷᠠᠪᠳᠤᠷ ᠴᠠᠭᠠᠨ ᠥᠩᠭᠡ ᠲᠠᠢ ᠪᠠᠶᠢᠳᠠᠭ᠃ ᠪᠥᠷᠢᠨ ᠪᠤᠯᠪᠠᠰᠤᠷᠠᠭᠰᠠᠨ ᠤ ᠳᠠᠷᠠᠭ᠎ᠠ᠂ ᠥᠨᠳᠤᠰᠤ ᠶᠢᠨ ᠬᠡᠰᠡᠭ ᠨᠢ ᠳᠤᠮᠤᠷᠠᠵᠤ᠂ ᠡᠷᠡᠬᠡᠢ ᠬᠤᠷᠤᠭᠤᠨ ᠴᠢᠨᠡᠭᠡᠨ ᠪᠥᠭᠡᠷᠡᠩᠬᠡᠢ ᠴᠠᠭᠠᠨ ᠪᠤᠯᠳᠠᠭ᠃ ᠡᠨᠡ ᠬᠦ ᠪᠥᠭᠡᠷᠡᠩᠬᠡᠢ ᠬᠡᠰᠡᠭ ᠨᠢ ᠬᠡᠳᠤ ᠬᠡᠳᠤᠨ ᠳᠠᠪᠬᠤᠷ ᠬᠥᠷᠢᠨ ᠬᠠᠯᠢᠰᠤ ᠪᠠᠷ ᠤᠷᠢᠶᠠᠭᠳᠠᠵᠤ᠂ ᠢᠳᠡᠬᠦ ᠳᠤ ᠨᠢᠯᠤᠭᠤᠪᠳᠤᠷ᠂ ᠪᠠᠭ᠎ᠠ ᠰᠠᠭ᠎ᠠ ᠠᠭᠠᠭ ᠲᠠᠢ᠂ ᠥᠮᠡᠬᠡᠢ ᠥᠨᠥᠷ ᠲᠠᠢ ᠪᠠᠶᠢᠳᠠᠭ᠃ ᠮᠥᠨ ᠴᠤ ᠬᠠᠪᠤᠷ ᠳᠡᠭᠷᠢ ᠳᠤᠤᠭᠠᠷᠤᠭᠰᠠᠨ ᠠᠴᠠ ᠬᠤᠶᠢᠰᠢ ᠰᠠᠶ᠋ᠢ ᠢᠳᠡᠳᠡᠭ᠃     ᠮᠤᠩᠭᠤᠯᠴᠤᠳ ᠥᠮᠡᠬᠡᠢ ᠰᠤᠩᠬᠢᠨ᠎ᠠ ᠶᠢ ᠬᠠᠪᠤᠷ ᠨᠠᠮᠠᠭ᠎ᠠ ᠶᠢ ᠨᠢ ᠳᠡᠭᠦᠵᠤ᠂ ᠰᠢᠷᠭ᠎ᠠ ᠮᠢᠬ᠎ᠠ ᠲᠠᠢ ᠪᠤᠤᠰᠠ᠂ ᠪᠠᠩᠰᠢ ᠬᠢᠵᠤ ᠢᠳᠡᠬᠦ ᠪᠤᠶᠤ ᠰᠢᠷ᠎ᠠ ᠰᠥᠨ ︵ᠰᠢᠷᠬᠤᠰᠤ︶ ᠳᠤ ᠳᠠᠷᠤᠰᠢᠭᠤᠯᠵᠤ᠂ ᠬᠤᠭᠤᠯᠠ ᠪᠤᠳᠠᠭ᠎ᠠ᠂ ᠠᠷᠢᠬᠢ ᠳᠠᠷᠠᠰᠤᠨ ᠤ ᠵᠠᠭᠤᠰᠢ ᠪᠤᠯᠭᠠᠳᠠᠭ᠃ ᠨᠠᠮᠤᠷ ᠥᠨᠳᠤᠰᠤ ᠲᠠᠢ ᠨᠢ ᠮᠠᠯᠳᠠᠵᠤ ᠠᠪᠤᠭᠠᠳ ᠪᠤᠤᠰᠠ᠂ ᠪᠠᠩᠰᠢ᠂ ᠱᠥᠯᠥᠨ ᠳᠤ ᠠᠮᠳᠠ ᠤᠷᠤᠭᠤᠯᠬᠤ ᠪᠤᠶᠤ ᠬᠥᠮᠡᠯᠢ ᠲᠠᠢ ᠳᠠᠷᠤᠰᠢᠭᠤᠯᠵᠤ ᠢᠳᠡᠳᠡᠭ᠃ ᠥᠮᠡᠬᠡᠢ ᠰᠤᠩᠬᠢᠨ᠎ᠠ ᠬᠡᠢ ᠳᠠᠷᠤᠬᠤ᠂ ᠬᠤᠷᠤᠬᠠᠢ ᠳᠠᠭᠤᠬᠤ᠂ ᠪᠠᠮ ᠡᠪᠡᠳᠴᠢᠨ ᠢ ᠵᠠᠰᠠᠬᠤ᠂ ᠢᠯᠴᠢ ᠰᠡᠯᠪᠢᠬᠦ᠂ ᠨᠦᠢᠷ ᠰᠠᠶᠢᠵᠢᠷᠠᠭᠤᠯᠬᠤ ᠵᠡᠷᠭᠡ ᠡᠮᠴᠢᠯᠡᠭᠡᠨ ᠤ ᠥᠢᠯᠡᠳᠤᠯ ᠲᠠᠢ ᠪᠠᠶᠢᠵᠤ᠂ ᠨᠠᠰᠤᠳᠠᠶᠢᠴᠤᠳ ᠤᠨ ᠪᠡᠶ᠎ᠠ ᠮᠠᠬᠠᠪᠤᠳ ᠲᠤ ᠬᠠᠮᠤᠭ ᠳᠤᠬᠢᠷᠠᠮᠵᠢᠳᠡᠢ ᠭᠡᠳᠡᠭ᠃    
ᠢᠷᠡᠯᠲᠡ᠄ ᠤᠷᠳᠤᠰ ᠮᠤᠩᠭᠤᠯ ᠰᠦᠯᠵᠢᠶ᠎ᠡ