ᠭᠠᠷ ᠤᠳᠠᠰᠤᠨ ᠠᠴᠠ ᠲᠦᠭᠡ ᠰᠠᠯᠵᠤ ᠴᠢᠳᠠᠬᠤ ᠦᠭᠡᠢ ᠬᠦᠮᠦᠨ ᠤᠯᠠᠮ ᠨᠡᠮᠡᠭᠳᠡᠬᠦ ᠶᠢ ᠳᠠᠭᠠᠯᠳᠤᠨ᠂ ᠭᠠᠷ ᠤᠳᠠᠰᠤᠨ ᠤ ᠰᠠᠴᠤᠷᠠᠭ ᠤᠨ ᠲᠤᠬᠠᠢ ︽ | ᠴᠤᠤᠷᠬᠠᠯ︾ ᠴᠤ ᠭᠠᠵᠠᠷ ᠠᠪᠤᠨ ᠲᠠᠮᠵᠢᠭᠳᠠᠭᠰᠠᠭᠠᠷ᠃ ᠲᠡᠭᠡᠪᠠᠯ ᠭᠠᠷ ᠤᠳᠠᠰᠤᠨ ᠤ ᠰᠠᠴᠤᠷᠠᠭ ᠨᠡᠭᠡᠷᠡᠨ ᠲᠡᠶᠢᠮᠦ ᠬᠤᠣᠷᠲᠠᠢ ᠦᠦ︖ ᠪᠢᠳᠠ ᠬᠠᠮᠢᠶᠠᠲᠠᠢ | ᠰᠢᠨᠵᠢᠯᠡᠭᠡ ᠠᠴᠠ ᠣᠶᠢᠯᠠᠭᠠᠶ᠎ᠠ᠃ | ᠭᠠᠷ ᠤᠳᠠᠰᠤᠨ ᠤ ᠰᠠᠴᠤᠷᠠᠭ ᠦᠮᠡᠨ ᠡᠭᠦᠰᠭᠡᠳᠡᠭ ᠤᠤ︖ | ᠡᠭᠦᠨ ᠢ ᠰᠢᠭᠤᠳ ᠭᠡᠷᠡᠴᠢᠯᠡᠬᠦ ᠪᠣᠳᠠᠲᠠᠢ ᠭᠡᠷᠡᠴᠢ ᠪᠠᠷᠢᠮᠳᠠ ᠣᠳᠣ ᠪᠤᠯᠳᠠᠯ᠎ᠠ ᠠᠯᠠᠭ᠎ᠠ ᠪᠤᠯᠬᠤᠷ ᠰᠢᠨᠵᠢᠯᠡᠭᠡ ᠰᠤᠳᠤᠯᠭᠠᠨ ᠤ ᠡᠳᠡᠭᠡᠳ ᠡᠨᠡ ᠲᠤᠬᠠᠢ | ᠮᠠᠷᠭᠤᠯᠳᠤᠭᠰᠠᠭᠠᠷ ᠶᠤᠮ᠃ | ᠭᠠᠷ ᠤᠳᠠᠰᠤ ᠪᠠᠨ ᠴᠡᠨᠡᠭᠯᠡᠬᠦ ᠶᠢᠨ ᠲᠠᠭᠠᠦ ᠬᠡᠷᠡᠭᠯᠡᠪᠡᠯ ᠰᠠᠴᠤᠷᠠᠭ ᠤᠨ ᠬᠡᠮᠵᠢᠶ᠎ᠡ ᠨᠢ ᠤᠯᠠᠮ ᠶᠡᠭᠡ ᠦᠦ︖ | ᠴᠠᠭᠢᠯᠭᠠᠨ ᠤ ᠬᠡᠮᠵᠢᠶ᠎ᠡ ᠪᠤᠯᠤᠨ ᠭᠠᠷ ᠤᠳᠠᠰᠤᠨ ᠤ ᠰᠠᠴᠤᠷᠠᠭ ᠨᠢ ᠰᠢᠭᠤᠳ ᠬᠠᠷᠢᠴᠠᠭ᠎ᠠ ᠦᠭᠡᠢ ᠪᠤᠯᠬᠤᠷ ︽ᠭᠠᠷ ᠤᠳᠠᠰᠤ ᠪᠠᠨ ᠴᠡᠨᠡᠭᠯᠡᠬᠦ ᠶᠢᠨ ᠲᠠᠭᠠᠦ | ᠬᠡᠷᠡᠭᠯᠡᠬᠦ ᠨᠢ ᠮᠠᠰᠢ ᠮᠠᠭᠤ︾ ᠭᠡᠰᠡᠨ ᠬᠡᠯᠡᠯᠭᠡ ᠨᠤᠳᠠᠳᠠᠢ ᠪᠠᠷᠢᠮᠳᠠ ᠦᠭᠡᠢ ᠶᠤᠮ᠃ ᠭᠡᠳᠡᠯ᠎ᠡ ᠵᠠᠷᠢᠮ ᠭᠠᠷ ᠤᠳᠠᠰᠤᠨ ᠤ ᠴᠠᠬᠢᠯᠭᠠᠨ ᠵᠠᠢ ᠨᠢ ᠴᠡᠨᠡᠭᠯᠡᠬᠦ ᠳᠤ | ᠬᠠᠯᠠᠬᠤ ᠶᠢᠨ ᠤᠯᠠᠮ ᠠᠴᠠ ᠠᠮᠤᠷ ᠲᠦᠪᠰᠢᠨ ᠤ ᠠᠰᠠᠭᠤᠳᠠᠯ ᠡᠭᠦᠰᠭᠡᠵᠤ ᠮᠡᠳᠡᠨ᠎ᠡ᠃ ᠡᠶᠢᠮᠦ ᠠᠴᠠ ᠴᠠᠭᠢᠯᠭᠠᠨ ᠴᠡᠨᠡᠭᠯᠡᠵᠦ ᠪᠠᠶᠢᠬᠤ ᠳᠠᠭᠠᠨ ᠬᠠᠰᠢᠯᠡ ᠭᠠᠷ | ᠤᠳᠠᠰᠤ ᠪᠠᠨ ᠭᠡᠷᠡᠭᠯᠡᠭᠦ ᠦᠭᠡᠢ ᠪᠤᠯ ᠰᠠᠶᠢᠨ᠃ | ᠭᠠᠷ ᠤᠳᠠᠰᠤᠨ ᠤ ᠳᠤᠬᠢᠶ᠎ᠠ ᠮᠠᠭᠤᠳᠠᠬᠤ ᠲᠤᠳᠤᠮ ᠰᠠᠴᠤᠷᠠᠭ ᠤᠨ ᠬᠤᠤᠷᠳᠠᠯ ᠲᠡᠳᠦᠢ ᠶᠡᠭᠡ ᠤᠤ︖ | ᠲᠤᠰ ᠬᠡᠯᠡᠯᠭᠡ ᠵᠤᠭᠢᠬᠤ ᠭᠡᠮᠵᠢᠶᠡᠨ ᠤ ᠪᠠᠷᠢᠮᠳᠠ ᠲᠠᠢ᠃ ᠭᠠᠷ ᠤᠳᠠᠰᠤ ᠰᠠᠭᠤᠷᠢ ᠦᠷᠲᠡᠭᠡ ᠶᠢᠨ ᠲᠤᠬᠢᠶ᠎ᠡ ᠶᠢ ᠬᠦᠯᠢᠶᠡᠵᠦ ᠠᠪᠳᠠᠭ ᠪᠣᠯᠬᠤᠷ ᠳᠤᠭᠢᠶᠠᠨ | ᠲᠠᠪᠳᠠᠮᠵᠢ ᠪᠠᠨ ᠨᠡᠮᠡᠭᠳᠡᠭᠦᠯᠭᠦ ᠶᠢᠨ ᠤᠯᠠᠮ ᠠᠴᠠ ᠰᠠᠴᠤᠷᠠᠭ ᠨᠢ ᠨᠡᠮᠡᠭᠳᠡᠳᠡᠭ ᠶᠤᠮ᠃ | ᠭᠠᠷ ᠤᠳᠠᠰᠤ ᠪᠠᠨ ᠭᠡᠳᠦᠢ ᠬᠤᠯᠠ ᠪᠠᠶᠢᠯᠭᠠᠪᠠᠯ ᠡᠷᠡᠭᠦᠯ ᠮᠡᠨᠳᠦ ᠳᠤ ᠠᠰᠢᠭᠳᠠᠢ ᠪᠤᠢ︖ | ᠭᠠᠷ ᠤᠲᠠᠰᠤ ᠪᠠᠨ ᠪᠡᠶ᠎ᠡ ᠠᠴᠠ ᠬᠡᠳᠦᠢ ᠣᠶᠢᠷᠠᠬᠠᠨ ᠲᠠᠯᠪᠢᠪᠠᠯ ᠰᠠᠴᠤᠷᠠᠭ ᠨᠢ ᠬᠡᠳᠦᠢ ᠶᠡᠭᠡ ᠪᠠᠶᠢᠳᠠᠭ᠃ ᠬᠠᠮᠢᠶᠠᠲᠠᠢ ᠰᠤᠳᠤᠯᠭᠠᠨ ᠢ ᠦᠨᠳᠦᠰᠦᠯᠡᠪᠠᠯ᠂ 50 | ᠰᠠᠨᠲ᠋ᠢᠮᠧᠳ᠋ᠷ ᠤᠨ ᠵᠠᠢ ᠳᠤ ᠭᠠᠷ ᠤᠳᠠᠰᠤᠨ ᠤ ᠰᠠᠴᠤᠷᠠᠭ ᠲᠡᠮᠡᠢ ᠨᠦᠯᠦᠭᠡᠯᠡᠬᠦ ᠭᠦᠴᠦᠨ ᠦᠭᠡᠢ ᠪᠣᠯᠴᠢᠬᠠᠳᠠᠭ᠃ | ᠭᠡᠪᠡᠴᠦ ᠭᠠᠷ ᠤᠲᠠᠰᠤ ᠪᠠᠨ ᠢᠯᠡᠭᠦᠦ ᠬᠠᠷᠠᠬᠤ ᠨᠢ ᠨᠢᠳᠦᠨ ᠳᠤ ᠬᠠᠯᠠᠲᠠᠢ ᠪᠠᠷ ᠪᠠᠷᠠᠬᠤ ᠦᠭᠡᠢ ᠬᠦᠵᠦᠭᠦᠦ ᠰᠡᠭᠡᠷ᠂ ᠲᠠᠯᠦ ᠮᠦᠷᠦ᠂ ᠨᠢᠷᠤᠭᠤ ᠰᠡᠭᠦᠵᠢ ᠶᠢ | ᠴᠤ ᠭᠡᠮᠳᠦᠭᠡᠵᠤ ᠮᠡᠳᠡᠬᠦ ᠤᠴᠢᠷ ᠠᠴᠠ ᠭᠠᠷ ᠤᠲᠠᠰᠤ ᠪᠠᠨ ᠪᠠᠭ᠎ᠠ ᠰᠢᠭ᠋ ᠬᠠᠷᠠᠭᠠᠷᠠᠢ︕ | |