ᠳᠠᠪᠣᠰᠣᠨ ᠤ ᠣᠨᠴᠠᠭᠠᠢ ᠦᠢᠯᠡᠳᠦᠯ
ᠨᠡᠶᠢᠲᠡᠯᠡᠭᠰᠡᠨ ᠴᠠᠭ᠄
2022/10/31
     ⒈ ᠵᠣᠨ ᠤ ᠬᠠᠯᠠᠭᠤᠨ ᠳᠤ ᠳᠠᠪᠣᠰᠦ ᠲᠠᠢ ᠪᠣᠴᠠᠯᠣᠭᠰᠠᠨ ᠣᠰᠦ ᠶᠢ ᠦᠷᠬᠦᠯᠵᠢ ᠣᠣᠭᠤᠵᠦ ᠪᠠᠶᠢᠪᠠᠯ᠂ ᠪᠡᠶ᠎ᠡ ᠠᠴᠠ ᠬᠦᠯᠦᠰᠦ ᠠᠷᠪᠢᠨ ᠭᠠᠷᠣᠭᠠᠳ ᠳᠠᠪᠣᠰᠣᠨ ᠤ ᠪᠦᠷᠢᠯᠳᠦᠬᠦᠨ ᠳᠣᠳᠠᠭᠳᠠᠬᠤ ᠶᠢ ᠨᠦᠬᠦᠪᠦᠷᠢᠯᠡᠵᠦ ᠴᠢᠳᠠᠬᠤ ᠪᠠᠷ ᠪᠠᠷᠠᠬᠤ ᠦᠭᠡᠢ ᠨᠠᠷᠠᠰᠢᠬᠤ ᠠᠴᠠ ᠰᠡᠷᠭᠡᠶᠢᠯᠡᠵᠦ ᠴᠢᠳᠠᠨ᠎ᠠ᠃      ⒉ ᠳᠠᠭᠤᠣ ᠳᠠᠭᠤᠯᠠᠬᠤ ᠠᠴᠠ ᠪᠠᠨ ᠡᠮᠦᠨ᠎ᠡ ᠳᠠᠪᠣᠰᠦ ᠲᠠᠢ ᠪᠣᠴᠠᠯᠣᠭᠰᠠᠨ ᠣᠰᠦ ᠣᠣᠭᠤᠪᠠᠯ ᠬᠤᠭᠤᠯᠠᠢ ᠬᠠᠳᠠᠬᠤ ᠪᠣᠶᠣ ᠳᠠᠭᠤ ᠰᠦᠬᠡᠩᠬᠡᠶᠢᠷᠡᠬᠦ ᠶᠢ ᠰᠡᠷᠬᠡᠶᠢᠯᠡᠨ᠎ᠡ᠃      ⒊ ᠬᠠᠰᠢ ᠶᠢᠨ ᠦᠨᠳᠣᠰᠦ ᠶᠢ ᠳᠠᠪᠣᠰᠦ ᠲᠠᠢ ᠣᠰᠣᠨ ᠳᠤ ᠴᠢᠨᠠᠭᠠᠳ ᠬᠦᠯ ᠢᠶᠠᠨ ᠣᠬᠢᠶᠠᠪᠠᠯ ᠬᠦᠯ ᠤᠨ ᠪᠠᠯᠴᠢᠷᠣᠣ ᠶᠢ ᠠᠷᠢᠯᠭᠠᠨ᠎ᠠ᠃      ⒋ ᠳᠠᠪᠣᠰᠦ ᠲᠠᠢ ᠣᠰᠦ ᠨᠢ ᠪᠠᠺᠲ᠋ᠧᠷᠢ ᠶᠢ ᠣᠰᠠᠳᠬᠠᠬᠤ ᠳᠤ ᠵᠣᠬᠢᠬᠤ ᠬᠡᠮᠵᠢᠶᠡᠨ ᠤ ᠦᠢᠯᠡᠳᠦᠯ ᠲᠠᠢ ᠪᠣᠯᠬᠤᠷ ᠬᠦᠩᠬᠡᠨ ᠰᠢᠷᠬ᠎ᠠ᠂ ᠬᠠᠯᠠᠭᠠᠭᠰᠠᠨ ᠰᠢᠷᠬ᠎ᠠ ᠶᠢ ᠳᠠᠪᠣᠰᠦ ᠲᠠᠢ ᠣᠰᠦ ᠪᠠᠷ ᠣᠬᠢᠶᠠᠪᠡᠯ ᠡᠪᠡᠳᠬᠦ ᠶᠢ ᠬᠦᠩᠬᠡᠷᠡᠬᠦᠯᠬᠦ ᠦᠢᠯᠡᠳᠦᠯ ᠲᠠᠢ᠃      ⒌ ᠦᠶ᠎ᠡ ᠬᠡᠰᠢᠬᠦᠨ ᠤ ᠡᠪᠡᠳᠴᠢᠨ ᠲᠠᠢ ᠬᠦᠮᠦᠰ ᠳᠠᠪᠣᠰᠦ ᠶᠢ ᠬᠠᠯᠠᠭᠠᠭᠠᠳ ᠣᠭᠤᠳᠠᠨ ᠳᠤ ᠬᠢᠵᠦ ᠡᠪᠡᠳᠴᠦ ᠪᠠᠶᠢᠭ᠎ᠠ ᠭᠠᠵᠠᠷ ᠲᠠᠭᠠᠨ ᠵᠢᠩ ᠪᠠᠷᠢᠪᠠᠯ ᠡᠪᠡᠳᠬᠦ ᠶᠢ ᠨᠢ ᠨᠠᠮᠳᠠᠭᠤᠯᠳᠠᠭ᠃      ⒍ ᠦᠷᠯᠦᠭᠡ ᠪᠦᠷᠢ ᠨᠢᠭᠡ ᠴᠣᠮᠣ ᠳᠠᠪᠣᠰᠦ ᠲᠠᠢ ᠣᠰᠦ ᠣᠣᠭᠤᠪᠠᠯ ᠬᠤᠷᠭᠤᠰᠣᠯᠠᠬᠤ ᠠᠴᠠ ᠰᠡᠷᠬᠡᠶᠢᠯᠡᠵᠦ ᠴᠢᠳᠠᠨ᠎ᠠ᠃      ⒎ ᠨᠢᠭᠡ ᠵᠢᠩ ᠳᠠᠪᠣᠰᠦ ᠶᠢ ᠬᠠᠭᠤᠷᠴᠦ ᠬᠠᠯᠠᠭᠤᠯᠣᠭᠠᠳ ᠬᠦᠢᠰᠦᠨ ᠳᠡᠭᠡᠷ᠎ᠡ ᠪᠠᠨ ᠵᠢᠩ ᠪᠠᠷᠢᠪᠠᠯ ᠪᠦᠭᠡᠷᠳᠡᠭ ᠡᠪᠡᠳᠴᠢᠨ ᠢ ᠵᠠᠰᠠᠨ᠎ᠠ᠃     ⒏ ᠳᠠᠪᠣᠰᠦ ᠪᠠ ᠡᠯᠡᠰᠦ ᠶᠢ ᠣᠰᠣᠨ ᠳᠤ ᠪᠠᠭ᠎ᠠ ᠬᠢᠵᠦ ᠳᠣᠯᠣᠭᠠᠢ ᠪᠠᠨ ᠣᠬᠢᠶᠠᠪᠡᠯ ᠳᠣᠯᠣᠭᠠᠢ ᠵᠠᠭᠠᠳᠣᠨᠠᠬᠤ᠂ ᠬᠡᠵᠢᠭᠡ ᠣᠨᠠᠬᠤ ᠶᠢ ᠵᠠᠰᠠᠬᠤ ᠮᠦᠷᠳᠡᠭᠡᠨ ᠳᠣᠯᠣᠭᠠᠢ ᠶᠢᠨ ᠬᠠᠭ ᠢ ᠪᠠᠭᠠᠰᠬᠠᠬᠤ ᠪᠣᠯᠣᠨ᠎ᠠ᠃      ⒐ ᠬᠦᠯᠳᠡᠭᠰᠡᠨ ᠰᠢᠷᠬ᠎ᠠ ᠶᠢ ᠳᠠᠪᠣᠰᠦ ᠲᠠᠢ ᠬᠠᠯᠠᠭᠤᠨ ᠣᠰᠦ ᠪᠠᠷ ᠣᠬᠢᠶᠠᠪᠠᠯ ᠵᠠᠭᠠᠳᠣᠨᠠᠬᠤ ᠶᠢ ᠵᠣᠭᠰᠣᠭᠠᠵᠦ ᠴᠢᠳᠠᠨ᠎ᠠ᠃      ⒑ ᠵᠣᠬᠢᠬᠤ ᠬᠡᠮᠵᠢᠶᠡᠨ ᠤ ᠳᠠᠪᠣᠰᠦ ᠶᠢ ᠵᠢᠩᠨᠡᠵᠦ ᠬᠠᠯᠠᠭᠤᠯᠣᠭᠠᠳ ᠣᠭᠤᠳᠠᠨ ᠳᠤ ᠬᠢᠵᠦ ᠳᠠᠷᠠᠯᠡᠪᠡᠯ ᠴᠢᠬᠢ ᠬᠠᠩᠬᠢᠨᠠᠬᠤ ᠶᠢ ᠵᠠᠰᠠᠨ᠎ᠠ᠃      ⒒ ᠳᠠᠪᠣᠰᠦ ᠲᠠᠢ ᠣᠰᠦ ᠪᠠᠷ ᠨᠢᠯᠬ᠎ᠠ ᠬᠡᠣᠬᠡᠳ ᠤᠨ ᠪᠡᠶ᠎ᠡ ᠶᠢ ᠣᠬᠢᠶᠠᠪᠠᠯ ᠰᠢᠷ᠎ᠠ ᠦᠰᠦ ᠶᠢ ᠨᠢ ᠣᠨᠠᠭᠠᠬᠤ ᠮᠦᠷᠳᠡᠭᠡᠨ ᠪᠡᠶ᠎ᠡ ᠨᠢ ᠳᠠᠭᠠᠯᠠᠮᠵᠢᠳᠠᠢ ᠪᠣᠯᠵᠦ ᠬᠠᠩᠭᠠᠮᠵᠢᠳᠠᠢ ᠣᠨᠳᠠᠳᠠᠭ᠃      ⒓ ᠬᠤᠷᠣᠬᠠᠢ ᠰᠢᠪᠠᠵᠢ ᠳᠤ ᠬᠠᠵᠠᠭᠳᠠᠭᠰᠠᠨ ᠭᠠᠵᠠᠷ ᠢ ᠳᠠᠪᠣᠰᠦ ᠲᠠᠢ ᠣᠰᠦ ᠪᠠᠷ ᠣᠬᠢᠶᠠᠵᠦ ᠠᠷᠢᠭᠤᠳᠬᠠᠪᠠᠯ ᠵᠠᠭᠠᠳᠣᠨᠠᠵᠦ ᠡᠪᠡᠳᠬᠦ ᠨᠢ ᠵᠦᠬᠡᠷ ᠪᠣᠯᠳᠠᠭ᠃      ⒔ ᠬᠦᠢᠳᠡᠨ ᠢᠶᠠᠷ ᠳᠠᠪᠣᠰᠠᠩ ᠡᠪᠡᠳᠬᠦ ᠪᠣᠶᠣ ᠰᠢᠬᠡᠰᠦ ᠬᠤᠷᠢᠭᠳᠠᠪᠠᠯ ᠳᠠᠪᠣᠰᠦ ᠶᠢ ᠬᠠᠭᠤᠷᠴᠦ ᠬᠠᠯᠠᠭᠤᠯᠣᠭᠠᠳ ᠪᠦᠰ ᠣᠭᠤᠳᠠᠨ ᠳᠤ ᠬᠢᠵᠦ ᠳᠠᠪᠣᠰᠠᠩ ᠳᠡᠭᠡᠷ᠎ᠡ ᠪᠠᠨ ᠬᠠᠯᠠᠭᠤᠨ ᠵᠢᠩ ᠪᠠᠷᠢᠪᠡᠯ ᠳᠣᠰᠠᠯᠠᠨ᠎ᠠ᠃      ⒕ ᠬᠤᠣᠷᠳᠠᠢ ᠢᠳᠡᠬᠡᠨ ᠢ ᠢᠳᠡᠭᠰᠡᠨ ᠬᠦᠮᠦᠨ ᠳᠠᠪᠣᠰᠦ ᠲᠠᠢ ᠪᠣᠴᠠᠯᠣᠭᠰᠠᠨ ᠣᠰᠦ ᠣᠣᠭᠤᠪᠠᠯ ᠬᠤᠣᠷ ᠨᠢ ᠳᠠᠶᠢᠯᠣᠭᠳᠠᠨ᠎ᠠ᠃     
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ