ᠡᠪᠡᠳᠴᠢᠨ ᠡᠰᠡᠷᠭᠦᠴᠡᠬᠦ ᠴᠢᠳᠠᠪᠣᠷᠢ ᠶᠢ ᠲᠡᠭᠡᠭᠰᠢᠯᠡᠭᠦᠯᠬᠦ ᠳᠤ ᠲᠣᠰᠠᠳᠠᠢ 6 ᠠᠷᠭ᠎ᠠ
ᠨᠡᠶᠢᠲᠡᠯᠡᠭᠰᠡᠨ ᠴᠠᠭ᠄
2022/10/31
     ᠡᠪᠡᠳᠴᠢᠨ ᠡᠰᠡᠷᠭᠦᠴᠡᠬᠦ ᠴᠢᠳᠠᠪᠣᠷᠢ ᠶᠢᠨ ᠰᠢᠰᠲ᠋ᠧᠮ ᠨᠢ ᠡᠰ᠂ ᠡᠷᠭᠡᠳᠡᠡ᠂ ᠣᠭᠤᠷᠠᠭ ᠪᠠ ᠡᠰᠡᠷᠭᠦᠴᠡᠭᠴᠢ ᠪᠡᠶ᠎ᠡ ᠪᠠᠷ ᠪᠥᠷᠢᠯᠳᠥᠭᠰᠡᠡ ᠬᠡᠯᠬᠢᠶᠡᠵᠢᠯ ᠪᠠᠶᠢᠵᠣ᠂ ᠪᠡᠶ᠎ᠡ ᠮᠠᠬᠠᠪᠣᠳ ᠤᠨ ᠪᠡᠺᠲ᠋ᠧᠷᠢ᠂ ᠸᠢᠷᠦ᠋ᠰ ᠪᠠ ᠰᠢᠮᠡᠭᠦᠷ ᠬᠤᠷᠣᠬᠠᠢ ᠳᠤ ᠲᠠᠭᠠᠷᠢᠬᠳᠠᠬᠤ ᠠᠴᠠ ᠬᠠᠮᠠᠭᠠᠯᠠᠳᠠᠭ᠃ ᠲᠡᠷᠡ ᠨᠢ ᠬᠥᠮᠥᠰ ᠢ ᠡᠪᠡᠳᠴᠢᠯᠡᠭᠰᠡᠡ ᠥᠶᠡᠰ ᠥᠢᠯᠡᠳᠥᠯ ᠢᠶᠠᠨ ᠪᠠᠳᠠᠷᠠᠭᠤᠯᠬᠤ ᠪᠠᠷ ᠪᠠᠷᠠᠬᠤ ᠥᠭᠡᠢ ᠡᠳᠥᠷ ᠪᠥᠷᠢ ᠸᠢᠷᠦ᠋ᠰ ᠲᠠᠢ ᠲᠡᠮᠡᠴᠡᠯᠳᠥᠳᠡᠭ᠃ ᠡᠪᠡᠳᠴᠢᠨ ᠡᠰᠡᠷᠭᠦᠴᠡᠬᠦ ᠴᠢᠳᠠᠪᠣᠷᠢ ᠶᠢᠨ ᠰᠢᠰᠲ᠋ᠧᠮ ᠢ ᠲᠡᠭᠡᠭᠰᠢᠯᠡᠭᠦᠯᠥᠨ᠂ ᠪᠡᠶ᠎ᠡ ᠮᠠᠬᠠᠪᠣᠳ ᠢᠶᠠᠨ ᠴᠢᠬᠢᠷᠠᠭᠵᠢᠭᠤᠯᠬᠤ ᠠᠷᠭ᠎ᠠ ᠶᠢᠨ ᠲᠣᠬᠠᠢ ᠠᠩᠭ᠍ᠯᠢ ᠶᠢᠨ ︽ᠲᠣᠯᠢ︾ ᠰᠣᠨᠢᠨ ᠳᠤ ᠡᠶᠢᠨ ᠬᠦ ᠬᠤᠷᠢᠶᠠᠩᠭᠤᠢᠢᠯᠠᠪᠠ᠃      1᠂ ᠬᠤᠭᠤᠯᠠᠠ ᠳᠠᠭᠠᠨ ᠠᠮᠳᠠᠯᠠᠭᠤᠷ ᠬᠢᠬᠦ᠃ ᠰᠠᠷᠢᠮᠰᠠᠭ᠂ ᠪᠥᠭᠡᠷᠡᠩᠭᠡᠢ ᠰᠣᠩᠭᠢᠨ᠎ᠠ᠂ ᠲᠥᠭᠦᠬᠡᠢ ᠭᠠ ᠪᠠ ᠯᠠᠵᠣᠣ ᠵᠡᠷᠭᠡ ᠪᠠᠷ ᠢᠳᠡᠭᠡᠡ ᠳᠤ ᠠᠮᠳᠠ ᠣᠷᠣᠭᠤᠯᠵᠣ ᠪᠣᠯᠣᠨ᠎ᠠ᠃ ᠲᠡᠳᠡᠭᠡᠷ ᠨᠢ ᠴᠥᠮ ᠢᠰᠥᠯᠳᠥᠬᠦ ᠶᠢ ᠲᠠᠭᠠᠭᠠᠬᠤ᠂ ᠬᠤᠣᠷ ᠲᠠᠶᠢᠯᠬᠤ ᠪᠠ ᠪᠠᠺᠲ᠋ᠧᠷᠢ ᠶᠢ ᠡᠰᠡᠷᠭᠦᠴᠡᠬᠦ ᠣᠠᠴᠠᠯᠢᠬ ᠲᠠᠢ᠃      2᠂ ᠨᠣᠭᠤᠭᠠᠠ ᠴᠠᠢ ᠣᠣᠭᠤᠬᠤ᠃ ᠣᠰᠣ ᠠᠷᠪᠢᠨ ᠣᠣᠭᠤᠬᠤ ᠨᠢ ᠪᠡᠶ᠎ᠡ ᠶᠢᠨ ᠲᠣᠳᠣᠭᠠᠳᠣ ᠳᠠᠬᠢ ᠣᠰᠣᠠ ᠤ ᠭᠡᠮᠵᠢᠶ᠎ᠡ ᠶᠢ ᠪᠠᠳᠣᠯᠠᠬᠤ ᠪᠠᠷ ᠪᠠᠷᠠᠬᠤ ᠥᠭᠡᠢ ᠬᠤᠣᠷᠳᠣ ᠡᠳ᠋ ᠪᠠ ᠡᠪᠡᠳᠴᠢᠨ ᠡᠭᠦᠰᠭᠡᠵᠥ ᠮᠡᠳᠡᠬᠦ ᠪᠡᠺᠲ᠋ᠧᠷᠢ ᠶᠢ ᠠᠷᠢᠯᠭᠠᠬᠤ ᠳᠤ ᠠᠰᠢᠬᠳᠠᠢ ᠪᠠᠶᠢᠳᠠᠭ᠃ ᠲᠣᠬᠢᠷᠠᠮᠵᠢᠳᠠᠢ ᠭᠡᠮᠵᠢᠶ᠎ᠡ ᠪᠠᠷ ᠴᠠᠢ ᠣᠣᠭᠤᠬᠤ ᠨᠢ ᠪᠡᠶ᠎ᠡ ᠶᠢᠨ ᠡᠷᠡᠭᠦᠯ ᠮᠡᠡᠳᠥ ᠳᠤ ᠠᠰᠢᠬᠳᠠᠢ᠃ ᠴᠠᠢ ᠨᠢ ᠸᠢᠷᠦ᠋ᠰ ᠢ ᠡᠰᠡᠷᠭᠦᠴᠡᠬᠦ ᠥᠢᠯᠡᠳᠥᠯ ᠲᠠᠢ ᠭᠡᠳᠡᠭ ᠢ ᠬᠠᠷᠠᠬᠠᠠ ᠲᠣᠳᠣᠯᠠᠭ᠎ᠠ ᠥᠭᠡᠢ ᠪᠣᠯᠪᠠᠴᠣ ᠠᠮᠢᠨ ᠬᠥᠴᠢᠯ ᠨᠢ ᠬᠥᠮᠥᠰ ᠤᠨ ᠰᠡᠳᠬᠢᠯ ᠰᠠᠨᠠᠭ᠎ᠠ ᠶᠢ ᠲᠠᠶᠢᠪᠣᠰᠢᠷᠠᠭᠤᠯᠣᠠ᠂ ᠵᠣᠬᠢᠬᠤ ᠬᠡᠮᠵᠢᠶᠡᠡ ᠳᠤ ᠥᠳᠡᠯᠬᠦ ᠶᠢ ᠰᠡᠷᠭᠡᠶᠢᠯᠡᠡ᠂ ᠬᠤᠳᠣᠭᠤᠳᠣ ᠭᠡᠳᠡᠰᠥᠨ ᠤ ᠡᠷᠡᠭᠦᠯ ᠮᠡᠡᠳᠥ ᠶᠢ ᠠᠬᠢᠭᠤᠯᠳᠠᠭ᠃      3᠂ ᠬᠥᠢᠴᠡᠳ ᠣᠠᠳᠠᠬᠤ᠃ ᠡᠳᠥᠷ ᠪᠥᠷᠢ 7 — 9 ᠴᠠᠭ ᠰᠠᠶᠢᠨ ᠨᠦᠢᠷᠰᠣᠬᠤ ᠨᠢ T ᠡᠰ ᠤᠨ ᠲᠤᠭ᠎ᠠ ᠶᠢ ᠨᠡᠮᠡᠭᠳᠡᠭᠦᠯᠵᠥ ᠴᠢᠳᠠᠳᠠᠭ᠂ ᠡᠨᠡ ᠬᠦ ᠡᠪᠡᠳᠴᠢᠨ ᠡᠰᠡᠷᠭᠦᠴᠡᠬᠦ ᠴᠢᠳᠠᠪᠣᠷᠢ ᠶᠢᠨ ᠰᠢᠰᠲ᠋ᠧᠮ ᠨᠢ ᠡᠰᠡᠷᠭᠦᠴᠡᠭᠴᠢ ᠪᠡᠶ᠎ᠡ ᠶᠢ ᠨᠥᠯᠥᠭᠡᠯᠡᠳᠡᠭ᠃ ᠰᠣᠳᠣᠯᠭᠠᠠ ᠳᠤ ︽ᠨᠢᠭᠡᠭᠡᠡ ᠡᠳᠥᠷ 4 ᠴᠠᠭ ᠲᠣᠳᠠᠭᠤ ᠣᠠᠳᠠᠬᠤ ᠳᠤ ᠥᠪᠡᠷᠳᠡᠭᠡᠡ ᠪᠠᠺᠲ᠋ᠧᠷᠢ ᠠᠯᠠᠬᠤ ᠴᠢᠳᠠᠪᠣᠷᠢ ᠲᠠᠢ 70% ᠶᠢᠨ ᠡᠰ ᠢ ᠬᠤᠷᠣᠭᠳᠠᠭᠤᠯᠳᠠᠭ ︵ᠨᠢᠭᠡ ᠵᠥᠢᠯ ᠤᠨ ᠴᠢᠬᠤᠯᠠ ᠡᠪᠡᠳᠴᠢᠨ ᠡᠰᠡᠷᠭᠦᠴᠡᠬᠦ ᠴᠢᠳᠠᠪᠣᠷᠢ ᠶᠢᠨ ᠡᠰ︶︾ ᠭᠡᠳᠡᠭ ᠢ ᠢᠯᠡᠷᠡᠭᠦᠯᠵᠡᠢ᠃     4᠂ ᠲᠠᠷᠣᠭᠠᠰᠣ ᠪᠠᠨ ᠬᠥᠡᠭᠭᠡᠯᠡᠬᠦ᠃ ᠶᠡᠷᠥ ᠶᠢᠨ ᠪᠠᠶᠢᠳᠠᠯ ᠳᠤ ᠶᠡᠭᠡ ᠲᠠᠷᠢᠬᠢ ᠪᠠ ᠡᠪᠡᠳᠴᠢᠨ ᠡᠰᠡᠷᠭᠦᠴᠡᠬᠦ ᠴᠢᠳᠠᠪᠣᠷᠢ ᠶᠢᠨ ᠰᠢᠰᠲ᠋ᠧᠮ ᠨᠢ ᠲᠠᠰᠣᠷᠠᠯᠳᠠ ᠥᠭᠡᠢ ᠬᠠᠷᠢᠯᠴᠠᠳᠠᠭ᠃ ᠲᠠᠷᠣᠭᠠᠰᠣ ᠲᠠᠢ ᠰᠠᠨᠠᠬᠳᠠᠬᠤ ᠥᠶᠡᠰ ᠶᠡᠭᠡ ᠲᠠᠷᠢᠬᠢ ᠨᠡᠩ ᠣᠯᠠᠠ ᠬᠥᠷᠥᠰᠥᠮᠡᠭ ᠤᠨ ᠠᠯᠺᠣᠣᠯ ᠡᠭᠦᠰᠭᠡᠵᠥ᠂ ᠪᠡᠶ᠎ᠡ ᠮᠠᠬᠠᠪᠣᠳ ᠲᠤ ᠪᠠᠴᠢᠮ ᠢ ᠠᠷᠭᠠᠴᠠᠭᠠᠬᠤ ᠪᠡᠯᠡᠳᠭᠡᠯ ᠬᠢᠵᠥ ᠥᠭᠳᠡᠭ᠃ ᠢᠡᠭᠬᠢᠬᠦ ᠨᠢ ᠡᠪᠡᠳᠴᠢᠨ ᠡᠰᠡᠷᠭᠦᠴᠡᠬᠦ ᠴᠢᠳᠠᠪᠣᠷᠢ ᠶᠢᠨ ᠰᠢᠰᠲ᠋ᠧᠮ ᠤᠨ ᠴᠢᠳᠠᠪᠬᠢ ᠶᠢ ᠨᠥᠯᠥᠭᠡᠯᠡᠳᠡᠭ᠃ ᠶᠤᠭ᠎ᠠ ᠲᠠᠮᠢᠷ ᠬᠢᠬᠦ᠂ ᠬᠥᠨ ᠠᠮᠢᠰᠬᠤᠬᠤ ᠪᠣᠶᠣ ᠬᠥᠡᠵᠡᠭᠡᠢ ᠪᠣᠳᠣᠯᠬᠢᠯᠠᠬᠤ ᠵᠡᠷᠭᠡ ᠪᠡᠶ᠎ᠡ ᠰᠣᠯᠠᠷᠠᠭᠤᠯᠬᠤ ᠪᠣᠯᠪᠠᠰᠣᠷᠠᠯ ᠢ ᠢᠯᠡᠭᠦᠭᠡᠡ ᠬᠢᠬᠦ ᠪᠣᠶᠣ ᠰᠠᠨᠠᠭ᠎ᠠ ᠰᠡᠳᠬᠢᠯ ᠢᠶᠠᠨ ᠪᠠᠶᠠᠷ ᠬᠥᠷ ᠲᠠᠢ ᠪᠠᠶᠢᠯᠭᠠᠬᠤ ᠭᠡᠷᠡᠭᠳᠡᠢ᠃      5᠂ ᠲᠠᠭᠠᠷᠠᠵᠣ ᠵᠢᠩᠳᠡᠵᠥ ᠪᠣᠯᠬᠤ ᠥᠭᠡᠢ᠃ ᠵᠠᠷᠢᠮ ᠪᠠᠺᠲ᠋ᠧᠷᠢ ᠲᠣᠣᠷ᠎ᠠ ᠲᠣᠯᠠᠭᠠᠠ ᠳᠤ ᠨᠡᠩ ᠢᠯᠡᠭᠦᠥ ᠬᠠᠯᠳᠠᠪᠣᠷᠢᠯᠠᠬᠤ ᠴᠢᠨᠠᠷ ᠲᠠᠢ ᠪᠠᠶᠢᠳᠠᠭ᠃ ᠡᠶᠢᠮᠥ ᠠᠴᠠ ᠭᠠᠳᠠᠭᠰᠢ ᠭᠠᠷᠬᠤ ᠳᠠᠭᠠᠨ ᠬᠤᠪᠴᠠᠰᠣ ᠪᠠᠨ ᠵᠣᠵᠠᠭᠠᠯᠠᠵᠣ ᠬᠢᠮᠣᠷᠠᠭ᠎ᠠ ᠲᠠᠭᠰᠢᠭᠤᠷ ᠲᠤ ᠨᠡᠷᠪᠡᠭᠳᠡᠬᠦ ᠠᠴᠠ ᠰᠡᠷᠭᠡᠶᠢᠯᠡᠬᠦ ᠭᠡᠷᠡᠭᠳᠡᠢ᠃      6᠂ ᠣᠬᠢᠵᠢᠭᠤᠯᠣᠭᠰᠠᠠ ᠲᠣᠰᠣ ᠭᠡᠷᠡᠭᠯᠡᠬᠦ᠃ ᠣᠬᠢᠵᠢᠭᠤᠯᠣᠭᠰᠠᠠ ᠲᠣᠰᠣ ︵精油︶ ᠨᠢ ᠨᠡᠯᠢᠶᠡᠳ ᠴᠢᠩᠭ᠎ᠠ ᠪᠡᠺᠲ᠋ᠧᠷᠢ ᠡᠰᠡᠷᠭᠦᠴᠡᠬᠦ ᠴᠢᠳᠠᠪᠣᠷᠢ ᠲᠠᠢ ᠪᠠᠷ ᠪᠠᠷᠠᠬᠤ ᠥᠭᠡᠢ ᠴᠠᠭᠠᠠ ᠡᠰ ᠤᠨ ᠪᠣᠢ ᠪᠣᠯᠬᠤ ᠶᠢ ᠲᠥᠷᠭᠡᠳᠭᠡᠡ᠂ ᠡᠭᠦᠨ ᠤ ᠣᠯᠠᠮ ᠠᠴᠠ ᠬᠠᠯᠳᠠᠪᠣᠷᠢᠯᠠᠬᠤ ᠶᠢ ᠬᠤᠷᠢᠬᠯᠠᠵᠣ ᠴᠢᠳᠠᠳᠠᠭ᠃ ᠵᠢᠭᠠᠬᠠᠠ ᠨᠥᠭᠡ ᠲᠠᠢ ᠰᠠᠪᠠᠠ ᠳᠤ 6 ᠲᠣᠰᠣᠯ ᠨᠢᠮᠪᠡᠭᠡ ᠶᠢᠨ ᠣᠬᠢᠵᠢᠭᠤᠯᠣᠭᠰᠠᠠ ᠲᠣᠰᠣ ᠲᠣᠰᠣᠭᠠᠠ ᠥᠨᠥᠷ ᠢ ᠨᠢ ᠰᠠᠷᠨᠢᠭᠤᠯᠬᠤ ᠨᠢ ᠡᠪᠡᠳᠴᠢᠨ ᠡᠰᠡᠷᠭᠦᠴᠡᠬᠦ ᠴᠢᠳᠠᠪᠣᠷᠢ ᠶᠢᠨ ᠰᠢᠰᠲ᠋ᠧᠮ ᠤᠨ ᠴᠢᠳᠠᠪᠬᠢ ᠶᠢ ᠨᠡᠮᠡᠭᠳᠡᠭᠦᠯᠬᠦ ᠳᠤ ᠲᠣᠰᠠ ᠪᠣᠯᠳᠠᠭ᠃    
ᠢᠷᠡᠯᠲᠡ᠄ ᠤᠷᠳᠤᠰ ᠮᠤᠩᠭᠤᠯ ᠰᠦᠯᠵᠢᠶ᠎ᠠ