ᠮᠣᠩᠭᠤᠯ ᠭᠡᠷ ᠤᠨ ᠲᠥᠷᠥᠯ ᠵᠦᠢᠯ
ᠨᠡᠶᠢᠲᠡᠯᠡᠭᠰᠡᠨ ᠴᠠᠭ᠄
2022/10/28
     ᠣᠷᠣᠴᠠ ᠭᠡᠷ — ᠬᠤᠶᠠᠷ ᠬᠡᠰᠡᠭ ᠬᠠᠨ᠎ᠠ ᠪᠠᠷ ᠪᠦᠲᠦᠭᠰᠡᠨ ᠭᠡᠷ᠂ ᠡᠭᠦᠨ ᠢ ᠨᠢᠭᠡ ᠬᠡᠰᠡᠭ ᠲᠣᠭᠤᠷᠭ᠎ᠠ ᠪᠠᠷ ᠪᠦᠷᠢᠶᠡᠰᠦ ᠪᠣᠯᠭᠠᠳᠠᠭ᠃ ᠡᠭᠦᠳᠡ ᠶᠢ ᠢᠰᠡᠭᠡᠢ ᠪᠤᠶᠤ ᠪᠥᠰ ᠢᠶᠠᠷ ᠬᠢᠳᠡᠭ᠃ ᠡᠨᠡ ᠬᠦ ᠭᠡᠷ ᠨᠢ ᠲᠣᠩ ᠳᠥᠭᠦᠮ ᠲᠤᠯᠠ ᠭᠤᠣᠯᠳᠠᠭᠤ ᠲᠦᠷ ᠴᠠᠭ ᠤᠨ ᠣᠳᠣᠷ ᠨᠡᠭᠦᠳᠡᠯ᠂ ᠠᠩ ᠭᠦᠷᠦᠭᠡ ᠬᠢᠬᠦ᠂ ᠡᠪᠡᠰᠦ ᠬᠠᠳᠤᠯᠠᠩ  ᠳᠤ ᠭᠠᠷᠬᠤ ᠠᠵᠢᠯ ᠳᠤ ᠬᠡᠷᠡᠭᠯᠡᠳᠡᠭ ᠰᠠᠭᠤᠴᠠ ᠪᠣᠯᠣᠨ᠎ᠠ᠃     ᠣᠷᠣᠴᠠ ᠭᠡᠷ ᠭᠡᠳᠡᠭ ᠪᠣᠯ ᠮᠣᠩᠭᠤᠯ ᠭᠡᠷ ᠤᠨ ᠬᠤᠶᠠᠷ ᠬᠠᠨ᠎ᠠ ᠶᠢ ᠲᠣᠯᠣᠭᠠᠢ ᠪᠠᠷ ᠨᠢ ᠨᠡᠶᠢᠯᠡᠭᠦᠯᠦᠭᠰᠡᠨ ᠪᠣᠰᠤᠭ᠎ᠠ ᠭᠤᠷᠪᠠᠯᠵᠢᠨ ᠭᠡᠯᠪᠡᠷᠢ ᠲᠠᠢ ᠢᠰᠡᠭᠡᠢ ᠪᠦᠷᠢᠶᠡᠰᠦ ᠲᠠᠢ ᠬᠠᠮᠤᠭ ᠤᠨ ᠳᠥᠭᠦᠮ ᠰᠠᠭᠤᠴᠠ ᠶᠢ ᠵᠢᠭᠠᠵᠤ ᠪᠤᠢ᠃ ᠳᠣᠲᠣᠷ᠎ᠠ ᠨᠢ ᠬᠤᠶᠠᠷ ᠠᠴᠠ ᠭᠤᠷᠪᠠᠨ ᠬᠥᠮᠥᠨ ᠯᠡ ᠰᠠᠭᠤᠵᠤ ᠪᠠᠭᠳᠠᠳᠠᠭ᠃ ᠡᠶᠢᠮᠦ ᠰᠠᠭᠤᠴᠠ ᠶᠢ ᠤᠷᠠᠳᠴᠤᠳ ᠣᠬᠤᠷ ᠬᠤᠭᠤᠴᠠᠭ᠎ᠠ ᠨᠡᠭᠦᠳᠡᠯ ᠬᠢᠬᠦ ᠪᠠ ᠠᠩ ᠭᠦᠷᠦᠭᠡ᠂ ᠠᠴᠢᠶ᠎ᠠ ᠲᠡᠭᠡᠭᠡᠪᠦᠷᠢ ᠳᠤ ᠶᠠᠪᠤᠬᠤ ᠦᠢᠯᠡ ᠳᠤ ᠨᠡᠶᠢᠳᠡᠮ‌ᠵᠠᠷᠤᠵᠤ ᠪᠠᠶᠢᠭᠰᠠᠨ ᠲᠡᠦᠬᠡ ᠲᠠᠢ ᠪᠢᠯᠡ᠃ᠣᠷᠣᠴᠠ ᠭᠡᠷ ᠲᠤ ᠡᠭᠦᠳᠡ᠂ ᠡᠷᠦᠭᠡ ᠭᠡᠵᠦ ᠪᠠᠶᠢᠳᠠᠭ ᠦᠭᠡᠢ᠃ ᠡᠳᠦᠷ ᠪᠣᠯᠪᠠᠯ ᠡᠮᠦᠨ᠎ᠡ᠂ ᠲᠠᠯ᠎ᠠ ᠶᠢᠨ ᠪᠦᠷᠢᠶᠡᠰᠦ ᠶᠢ ᠢᠷᠡᠵᠦ ᠰᠥᠨᠢ ᠣᠷᠣᠢ ᠪᠣᠯᠪᠠᠯ ᠢᠰᠡᠭᠡᠢ ᠪᠦᠷᠢᠶᠡᠰᠦ ᠶᠢᠨ ᠬᠤᠶᠠᠷ ᠦᠵᠦᠭᠦᠷ ᠢ ᠵᠥᠷᠢᠭᠦᠯᠦᠨ ᠪᠢᠳᠡᠭᠦᠯᠡᠳᠡᠭ᠃     ᠴᠡᠭᠡᠵᠢᠨ ᠭᠡᠷ — ᠮᠣᠩᠭᠤᠯ ᠭᠡᠷ ᠤᠨ ᠴᠡᠭᠡᠵᠢᠨ ᠬᠡᠰᠡᠭ ᠢᠶᠠᠷ ᠬᠢᠭᠰᠡᠨ ᠲᠤᠯᠠ ᠴᠡᠭᠡᠵᠢᠨ ᠭᠡᠷ ᠭᠡᠳᠡᠭ᠃ ᠡᠨᠡ ᠬᠦ ᠭᠡᠷ ᠨᠢ ᠵᠥᠪᠭᠡᠨ ᠮᠣᠩᠭᠤᠯ ᠭᠡᠷ ᠤᠨ ᠲᠣᠭᠤᠨᠣ ᠪᠠ ᠣᠨᠢ ᠪᠠᠷ ᠪᠥᠲᠦᠭᠡᠭᠰᠡᠨ ᠪᠠᠶᠢᠳᠠᠭ᠃ ᠣᠨᠢ ᠶᠢ ᠨᠢ ᠲᠣᠭᠲᠠᠭᠰᠠᠨ ᠬᠡᠮᠵᠢᠶ᠎ᠡ ᠪᠠᠷ ᠳᠡᠯᠭᠡᠵᠦ ᠭᠠᠵᠠᠷ ᠳᠡᠭᠡᠷ᠎ᠡ ᠰᠢᠭᠤᠳ ᠪᠣᠰᠬᠠᠵᠤ ᠳᠠᠷᠤᠭᠤᠯᠭ᠎ᠠ ᠪᠠᠷ ᠵᠥᠷᠢᠭᠦᠯᠦᠨ ᠳᠠᠷᠤᠵᠤ ᠲᠣᠭᠲᠠᠭᠠᠳᠠᠭ᠃ ᠭᠠᠳᠠᠭᠤᠷ ᠨᠢ ᠨᠢᠭᠡ ᠪᠤᠶᠤ ᠬᠤᠶᠠᠷ ᠬᠡᠰᠡᠭ ᠳᠡᠭᠡᠪᠦᠷ ᠢᠶᠠᠷ ᠪᠥᠷᠬᠦᠵᠦ ᠬᠢᠯᠭᠠᠰᠤᠨ ᠳᠡᠭᠡᠰᠦ ᠪᠠᠷ ᠳᠠᠷᠤᠵᠤ᠂ ᠲᠣᠭᠤᠨᠣ ᠶᠢᠨ ᠬᠡᠰᠡᠭ ᠲᠤ ᠡᠷᠦᠭᠡ ᠲᠠᠯᠪᠢᠵᠤ ᠬᠠᠭᠠᠯᠭ᠎ᠠ ᠶᠢᠨ ᠣᠷᠣᠨ ᠳᠤ ᠲᠣᠮᠣ ᠢᠰᠡᠭᠡᠢ ᠪᠤᠶᠤ ᠪᠥᠰ ᠡᠭᠦᠳᠡ ᠬᠢᠵᠦ ᠡᠯᠭᠦᠳᠡᠭ ᠪᠢᠯᠡ᠃ ᠡᠶᠢᠮᠦ ᠭᠡᠷ ᠨᠢ ᠥᠪᠥᠩ ᠭᠡᠷ ᠠᠴᠠ ᠨᠡᠯᠢᠶᠡᠳ ᠳᠠᠪᠰᠢᠩᠭᠤᠢ ᠲᠠᠯ᠎ᠠ ᠲᠠᠢ ᠮᠥᠷᠲᠡᠭᠡᠨ ᠨᠡᠭᠦᠵᠦ ᠪᠠᠭᠤᠯᠭᠠᠬᠤ ᠳᠤ ᠳᠥᠭᠦᠮ ᠬᠢᠯᠪᠠᠷ ᠪᠠᠶᠢᠳᠠᠭ᠃     ᠴᠡᠭᠡᠵᠢᠨ ᠭᠡᠷ ᠨᠢ ᠲᠣᠭᠤᠨᠣ ᠪᠣᠯᠣᠨ ᠣᠨᠢ᠂ ᠳᠡᠭᠡᠪᠦᠷ ᠪᠦᠷᠢᠶᠡᠰᠣ᠂ ᠶᠦᠳ᠋᠂ ᠡᠷᠦᠬᠡ᠂ ᠡᠬᠦᠳᠡ ᠪᠠᠷ ᠪᠦᠲᠦᠳᠡᠭ᠃ ᠴᠡᠭᠡᠵᠢᠨ ᠭᠡᠷ ᠤ ᠲᠣᠭᠤᠨᠣ ᠶᠢᠨ ᠪᠦᠲᠦᠴᠡ ᠨᠢ ᠮᠣᠩᠭᠤᠯ ᠭᠡᠷ ᠤᠨ ᠬᠡᠯᠬᠢᠶ᠎ᠡ ᠲᠣᠭᠤᠨᠣ ᠲᠠᠢ ᠠᠳᠠᠯᠢ᠃ ᠭᠡᠪᠡᠴᠦ ᠲᠡᠭᠦᠨ ᠠᠴᠠ ᠪᠠᠭ᠎ᠠ ᠪᠠᠶᠢᠳᠠᠭ᠃ ᠣᠨᠢ ᠨᠢ ᠮᠣᠩᠭᠤᠯ ᠭᠡᠷ ᠤᠨ ᠬᠢ ᠠᠴᠠ ᠪᠦᠳᠦᠭᠦᠨ ᠪᠥᠭᠡᠳ ᠳᠣᠣᠷᠠᠳᠤ ᠲᠠᠯ᠎ᠠ ᠶᠢᠨ ᠦᠵᠦᠭᠦᠷ ᠨᠢ ᠭᠠᠳᠠᠭᠰᠢ ᠪᠠᠨ ᠡᠷᠲᠡᠭᠡᠷ ᠭᠡᠯᠪᠡᠷᠢ ᠲᠠᠢ᠂᠂ ᠳᠡᠭᠡᠪᠦᠷ ᠪᠥᠷᠢᠶᠡᠰᠦ ᠨᠢ ᠴᠦ ᠮᠣᠩᠭᠤᠯ ᠭᠡᠷ ᠤᠨ ᠬᠢ ᠲᠠᠢ ᠠᠳᠡᠯᠢᠪᠲᠦᠷ ᠪᠥᠭᠡᠳ ᠡᠭᠦᠳᠡᠨ ᠤ ᠬᠡᠰᠡᠭ ᠨᠢ ᠪᠠᠭ᠎ᠠ ᠯᠠ ᠵᠥᠷᠢᠶ᠎ᠡ ᠲᠠᠢ᠂᠂  ᠶᠦᠳ᠋ ᠪᠠ ᠡᠷᠦᠬᠡ ᠨᠢ ᠮᠣᠩᠭᠤᠯ ᠭᠡᠷ ᠤᠨ ᠬᠢ ᠲᠠᠢ ᠠᠳᠠᠯᠢᠬᠠᠨ ᠪᠠᠶᠢᠳᠠᠭ᠃ ᠡᠭᠦᠳᠡ  ᠨᠢ ᠪᠣᠭᠤᠨᠢ ᠪᠥᠭᠡᠳ ᠪᠠᠭ᠎ᠠ ᠪᠠᠶᠢᠳᠠᠭ᠃ ᠥᠩᠭᠡᠷᠡᠭᠰᠡᠨ ᠳᠤ ᠮᠠᠨ ᠤ ᠨᠤᠲᠤᠭ ᠤᠨ ᠮᠠᠯᠴᠢᠳ ᠣᠳᠣᠷ ᠨᠡᠭᠦᠳᠡᠯ ᠬᠢᠬᠦ ᠳᠤ ᠴᠡᠭᠡᠵᠢᠨ ᠭᠡᠷ ᠢ ᠨᠡᠶᠢᠳᠡᠮ ᠬᠡᠷᠡᠭᠯᠡᠵᠦ ᠪᠠᠶᠢᠵᠠᠢ᠃ ᠰᠡᠭᠦᠯᠳᠡᠵᠦ ᠢᠷᠡᠭᠡᠳ ᠵᠢᠩᠭᠢᠨᠢ ᠴᠡᠭᠡᠵᠢᠨ ᠭᠡᠷ ᠨᠢ ᠥᠭᠡᠷᠡᠴᠢᠯᠡᠭᠳᠡᠭᠡᠳ ᠵᠥᠪᠬᠡᠨ ᠮᠣᠩᠭᠤᠯ ᠭᠡᠷ ᠤᠨ ᠴᠡᠭᠡᠵᠢᠨ ᠬᠡᠰᠡᠭ ᠢ ᠬᠡᠷᠡᠭᠯᠡᠬᠦ ᠪᠣᠯᠵᠠᠢ᠃      ᠮᠣᠩᠭᠤᠯ ᠭᠡᠷ ᠤᠨ ᠶᠡᠭᠡ ᠪᠠᠭ᠎ᠠ ᠶᠢᠨ ᠬᠡᠮᠵᠢᠶ᠎ᠡ ᠶᠢ ᠬᠠᠨ᠎ᠠ ᠶᠢᠨ ᠬᠡᠰᠡᠭ ᠲᠤᠭ᠎ᠠ ᠪᠠᠷ ᠨᠢ ᠪᠠᠷᠢᠮᠵᠢᠶ᠎ᠠ ᠪᠤᠯᠭᠠᠵᠤ ᠪᠠᠭ᠎ᠠ ᠳᠥᠷᠪᠡ᠂ ᠶᠡᠭᠡ ᠳᠥᠷᠪᠡ᠂  ᠪᠠᠭ᠎ᠠ ᠵᠢᠷᠭᠤᠭ᠎ᠠ᠂ ᠶᠡᠭᠡ ᠵᠢᠷᠭᠤᠭ᠎ᠠ ᠭᠡᠵᠦ ᠬᠤᠪᠢᠶᠠᠨ ᠢᠯᠭᠠᠵᠤ ᠨᠡᠷᠡᠯᠡᠬᠦ ᠵᠠᠩᠰᠢᠯ ᠲᠠᠢ᠃ᠡᠭᠦᠨ ᠳᠤ ᠭᠡᠷ ᠤᠨ ᠶᠡᠭᠡ ᠪᠠᠭ᠎ᠠ ᠪᠤᠯᠬᠤ ᠨᠢ ᠭᠤᠣᠯᠳᠠᠭᠤ ᠬᠠᠨ᠎ᠠ ᠶᠢᠨ ᠮᠣᠳᠣᠨ ᠤ ᠪᠦᠳᠦᠭᠦᠨ ᠨᠠᠷᠢᠨ ᠢ ᠦᠨᠳᠣᠰᠣᠯᠡᠵᠦ᠂ ᠬᠠᠨ᠎ᠠ ᠶᠢᠨ ᠨᠢᠳᠦᠨ ᠤ ᠶᠡᠭᠡ ᠪᠠᠭ᠎ᠠ ᠪᠤᠯᠬᠤ ᠳᠤ ᠬᠢᠵᠠᠭᠠᠷᠯᠠᠭᠳᠠᠨ᠎ᠠ᠃ ᠬᠠᠨ᠎ᠠ ᠶᠢᠨ ᠨᠢᠳᠦ ᠲᠣᠮᠣ ᠪᠣᠯᠪᠠᠯ ᠬᠠᠨ᠎ᠠ ᠶᠢᠨ ᠪᠡᠶ᠎ᠡ ᠶᠢᠨ ᠬᠡᠰᠡᠭ ᠨᠢ ᠳᠠᠭᠠᠯᠳᠤᠨ ᠶᠡᠬᠡᠰᠳᠡᠭ ᠶᠤᠮ᠃ ᠡᠶᠢᠮᠦ ᠠᠴᠠ ᠮᠣᠩᠭᠤᠯ ᠭᠡᠷ ᠤᠨ ᠶᠡᠭᠡ ᠪᠠᠭ᠎ᠠ ᠪᠤᠯᠬᠤ ᠨᠢ ᠣᠨᠢ ᠶᠢᠨ ᠲᠤᠬ᠎ᠠ ᠨᠢ ᠨᠡᠮᠡᠭᠳᠡᠬᠦ ᠲᠠᠢ ᠬᠤᠯᠪᠣᠭᠠᠲᠠᠢ ᠪᠠᠶᠢᠵᠤ᠂ ᠬᠠᠷᠢᠨ ᠬᠠᠨ᠎ᠠ ᠶᠢᠨ ᠲᠣᠯᠣᠭᠠᠢ ᠨᠢ ᠨᠡᠮᠡᠭᠳᠡᠬᠦ ᠶᠠᠪᠤᠳᠠᠯ ᠪᠢᠰᠢ ᠶᠤᠮ᠃ ᠣᠨᠢ ᠶᠢᠨ ᠲᠤᠭ᠎ᠠ ᠪᠠ ᠬᠠᠨ᠎ᠠ ᠶᠢᠨ ᠲᠣᠯᠣᠭᠠᠢ ᠨᠢ ᠲᠡᠩᠴᠡᠭᠦᠦ ᠵᠣᠬᠢᠴᠠᠭᠰᠠᠨ ᠲᠤᠭ᠎ᠠ ᠲᠠᠢ ᠪᠠᠶᠢᠳᠠᠭ᠃       ᠨᠢᠭᠡ ᠬᠡᠰᠡᠭ ᠬᠠᠨᠠᠨ ᠳᠤ ᠪᠠᠷᠤᠭ 13 —15 ᠲᠣᠯᠣᠭᠠᠢ ᠪᠠᠶᠢᠬᠤ ᠪᠠ ᠨᠢᠭᠡ ᠲᠣᠭᠤᠨᠣ ᠳᠤ ᠪᠠᠷᠤᠭ 58 —128 ᠣᠨᠢ ᠲᠠᠢ ᠪᠠᠶᠢᠳᠠᠭ᠃ ᠡᠶᠢᠮᠦ ᠠᠴᠠ ︽ᠪᠠᠭ᠎ᠠ  ᠳᠥᠷᠪᠡ︾ ᠭᠡᠳᠡᠭ ᠪᠣᠯ ᠪᠠᠭ᠎ᠠ ᠭᠡᠯᠪᠡᠷᠢ ᠶᠢᠨ ᠳᠥᠷᠪᠡᠨ ᠬᠡᠰᠡᠭ ᠬᠠᠨ᠎ᠠ ᠲᠠᠢ ᠭᠡᠷ ᠢ ᠵᠢᠭᠠᠵᠤ ᠪᠤᠢ᠃ ︽ᠶᠡᠭᠡ ᠳᠥᠷᠪᠡ︾ ᠭᠡᠳᠡᠭ ᠨᠢ ᠮᠥᠨ ᠶᠡᠭᠡ ᠬᠡᠯᠪᠡᠷᠢ ᠶᠢᠨ ᠳᠥᠷᠪᠡᠨ ᠬᠠᠨ᠎ᠠ ᠲᠠᠢ ᠭᠡᠷ ᠭᠡᠬᠦ ᠵᠡᠷᠭᠡ ᠪᠠᠷ ᠪᠤᠰᠤᠳ ᠨᠢ ᠴᠤ ᠴᠥᠮ ᠠᠳᠠᠯᠢ ᠤᠳᠬ᠎ᠠ ᠲᠠᠢ ᠶᠤᠮ᠃       ᠮᠣᠩᠭᠤᠯ ᠭᠡᠷ ᠤᠨ ᠬᠠᠮᠤᠭ ᠤᠨ ᠶᠡᠭᠡ ᠨᠢ ᠳᠠᠷᠤᠢ ᠲᠤᠯᠭᠠᠭᠤᠷ ᠲᠠᠢ ᠭᠡᠷ ᠪᠣᠯᠣᠨ᠎ᠠ᠃ ᠡᠭᠦᠨ ᠳᠤ ᠳᠥᠷᠪᠡᠨ ᠲᠤᠯᠭᠠᠭᠤᠷ ᠲᠠᠢ ᠭᠡᠷ᠂ ᠵᠢᠷᠭᠤᠭᠠᠨ ᠲᠤᠯᠭᠠᠭᠤᠷ ᠲᠠᠢ ᠭᠡᠷ᠂ ᠨᠠᠢᠮᠠᠨ ᠲᠤᠯᠭᠠᠭᠤᠷ ᠲᠠᠢ ᠭᠡᠷ ᠮᠡᠲᠦ ᠶᠢᠨ ᠠᠳᠠᠯᠢ ᠪᠤᠰᠤ ᠲᠣᠮᠣ ᠬᠡᠮᠵᠢᠶᠡᠨ ᠤ ᠭᠡᠷ ᠤᠳ ᠪᠠᠶᠢᠵᠠᠢ᠃ ᠡᠭᠦᠨ ᠠᠴᠠ ᠭᠠᠳᠠᠨ᠎ᠠ ᠥᠩᠭᠡᠷᠡᠭᠰᠡᠨ  ᠳᠤ ᠤᠷᠠᠳ ᠨᠤᠲᠤᠭ ᠲᠤ ᠠᠷᠪᠠᠨ ᠬᠤᠶᠠᠷ ᠲᠤᠯᠭᠠᠭᠤᠷ ᠲᠠᠢ ᠲᠣᠮᠣ ᠭᠡᠷ ᠪᠠᠶᠢᠯ᠎ᠠ ᠭᠡᠵᠦ ᠬᠡᠯᠡᠳᠡᠭ᠃       ᠮᠣᠩᠭᠤᠯ ᠭᠡᠷ ᠤᠨ ᠲᠤᠯᠭᠠᠭᠤᠷ ᠪᠣᠯ ᠮᠣᠩᠭᠤᠯ ᠭᠡᠷ ᠤᠨ ᠲᠣᠭᠤᠨᠣ ᠶᠢᠨ ᠬᠦᠷᠢᠶ᠎ᠡ ᠶᠢ ᠰᠢᠭᠤᠳ ᠲᠤᠯᠵᠤ ᠪᠠᠶᠢᠳᠠᠭ᠃ ᠭᠡᠪᠡᠴᠦ ᠢᠶᠢᠮᠦᠷᠭᠦᠦ ᠲᠣᠮᠣ ᠭᠡᠷ ᠢ ᠵᠥᠪᠭᠡᠨ ᠶᠠᠮᠤᠨ ᠣᠷᠳᠣᠨ᠂  ᠰᠦᠮ᠎ᠡ ᠬᠡᠶᠢᠳ ᠲᠤ ᠬᠡᠷᠡᠭᠯᠡᠬᠦ ᠠᠴᠠ ᠡᠩ ᠤᠨ ᠠᠷᠠᠳ ᠬᠡᠷᠡᠭᠯᠡᠬᠦ ᠦᠭᠡᠢ ᠶᠤᠮ᠃
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ