ᠮᠣᠩᠭᠤᠯ ᠭᠡᠷ ᠤᠨ ᠪᠥᠲᠥᠴᠡ
ᠨᠡᠶᠢᠲᠡᠯᠡᠭᠰᠡᠨ ᠴᠠᠭ᠄
2022/10/28
      ᠲᠣᠭᠤᠨᠣ - ᠭᠡᠷ ᠤᠨ ᠣᠷᠣᠢ ᠳᠡᠭᠡᠷ᠎ᠡ ᠪᠠᠶᠢᠭ᠎ᠠ ᠳᠤᠭᠤᠢ ᠲᠣᠭᠤᠷᠢᠭ ᠮᠣᠳᠣᠨ ᠴᠠᠭᠠᠷᠢᠭ᠃ ᠡᠨᠡ ᠨᠢ ᠣᠨᠢ ᠶᠢ ᠲᠣᠯᠵᠤ ᠲᠣᠭᠲᠠᠭᠠᠬᠤ ᠪᠠ ᠭᠡᠷᠡᠯ ᠠᠭᠠᠷ ᠨᠡᠪᠲᠡᠷᠡᠭᠦᠯᠬᠦ ᠳᠠᠪᠬᠤᠷ ᠬᠡᠷᠡᠭᠴᠡᠭᠡ ᠲᠠᠢ᠂ ᠮᠣᠩᠭᠤᠯ ᠭᠡᠷ ᠤᠨ ᠲᠣᠭᠤᠨᠣ ᠶᠢ ᠬᠡᠯᠬᠢᠶ᠎ᠡ ᠪᠠ ᠬᠠᠳᠬᠤᠭᠤᠷ ᠲᠣᠭᠤᠨᠣ ᠭᠡᠵᠦ ᠬᠤᠶᠠᠷ ᠵᠦᠢᠯ ᠬᠤᠪᠢᠶᠠᠳᠠᠭ ᠃      ᠬᠠᠳᠬᠤᠭᠤᠷ ᠲᠣᠭᠤᠨᠣ ᠭᠡᠳᠡᠭ ᠪᠣᠯ ᠭᠡᠷ ᠤᠨ ᠣᠨᠢ ᠲᠠᠢ ᠰᠡᠯᠦᠩᠬᠢᠲᠡ ᠪᠠᠶᠢᠳᠠᠭ ᠬᠦᠷᠢᠶ᠎ᠡ ᠲᠣᠭᠤᠷᠢᠭ ᠮᠣᠳᠣ ᠪᠣᠯᠣᠨ᠎ᠠ᠃ ᠬᠠᠳᠬᠤᠭᠤᠷ ᠲᠣᠭᠤᠨᠣ ᠳᠤ ᠪᠠᠰᠠ ᠬᠤᠶᠠᠷ ᠵᠦᠢᠯ ᠪᠠᠶᠢᠳᠠᠭ ᠃ᠬᠡᠯᠬᠢᠶ᠎ᠡ ᠲᠣᠭᠤᠨᠣ ᠭᠡᠳᠡᠭ ᠪᠣᠯ ᠣᠨᠢ ᠲᠠᠢ ᠨᠢ ᠭᠡᠯᠬᠢᠵᠦ ᠬᠤᠯᠪᠣᠭᠰᠠᠨ ᠳᠡᠯᠭᠡᠵᠦ ᠪᠤᠯᠬᠤ ᠪᠠ ᠬᠤᠮᠢᠵᠤ ᠡᠪᠬᠡᠵᠦ ᠪᠣᠯᠳᠠᠭ ᠠᠮᠢᠳᠤᠯᠢᠭ ᠡᠳ᠋ ᠪᠣᠯᠣᠨ᠎ᠠ᠃      ᠬᠠᠳᠬᠤᠭᠤᠷ ᠲᠣᠭᠤᠨᠣ ᠶᠢᠨ ᠪᠦᠲᠦᠴᠡ : ᠭᠠᠳᠠᠷ ᠴᠠᠭᠠᠷᠢᠭ ᠬᠦᠷᠢᠶᠡᠨ ᠳᠡᠭᠡᠨ ᠣᠨᠢ ᠶᠢᠨ  ᠲᠣᠯᠣᠭᠠᠢ ᠶᠢ ᠬᠠᠳᠬᠤᠬᠤ ᠨᠢᠳᠣ ᠲᠠᠢ᠂ ᠳᠠᠷᠤᠢ ᠣᠨᠢ ᠲᠣᠭᠲᠠᠭᠠᠬᠤ ᠤᠬᠠᠯᠠᠭᠤᠷᠭ᠎ᠠ ᠨᠦᠬᠡ ᠲᠠᠢ᠃      ᠬᠡᠯᠬᠢᠶ᠎ᠡ ᠲᠣᠭᠤᠨᠣ ᠶᠢᠨ ᠪᠥᠲᠥᠴᠡ : ᠬᠤᠶᠠᠷ ᠬᠡᠰᠡᠭ ᠲᠠᠯ᠎ᠠ ᠲᠣᠭᠤᠷᠢᠭ ᠬᠡᠯᠪᠡᠷᠢ ᠲᠠᠢ ᠮᠣᠳᠣᠨ ᠡᠳ᠋᠂᠂ ᠣᠨᠢ ᠨᠢ ᠪᠦᠷ ᠲᠣᠭᠤᠨᠣ ᠲᠠᠢ ᠪᠠᠨ ᠬᠡᠯᠬᠢᠶ᠎ᠡ ᠲᠠᠢ ᠪᠠᠶᠢᠳᠠᠭ᠃ ᠲᠡᠭᠦᠨ ᠳᠤ ᠪᠠᠰᠠ ᠲᠣᠭᠤᠨᠣ ᠶᠢᠨ ᠤᠨᠢᠰᠤ᠂ ᠬᠤᠯᠪᠤᠭᠠᠰᠤ᠂ ᠲᠣᠭᠤᠨᠣ ᠶᠢᠨ ᠬᠦᠷᠢᠶ᠎ᠡ᠂ ᠲᠣᠭᠤᠨᠣ ᠶᠢᠨ ᠬᠤᠷᠤᠭᠤ᠂ ᠲᠣᠭᠤᠨᠣ ᠶᠢᠨ ᠦᠳᠡᠭᠡᠷᠢ᠂ ᠲᠣᠭᠤᠨᠣ ᠶᠢᠨ ᠳᠠᠭ᠎ᠠ᠂ ᠲᠣᠭᠤᠨᠣ ᠶᠢᠨ ᠬᠠᠷᠠᠭ᠎ᠠ ᠵᠡᠷᠭᠡ ᠪᠦᠲᠥᠴᠡ ᠪᠠᠶᠢᠳᠠᠭ᠃ᠣᠨᠢ — ᠬᠠᠨ᠎ᠠ ᠪᠠ ᠲᠣᠭᠤᠨᠣ ᠬᠤᠶᠠᠷ ᠢ ᠬᠤᠯᠪᠤᠵᠤ ᠭᠡᠷ ᠤᠨ ᠳᠡᠭᠡᠪᠦᠷ ᠴᠡᠭᠡᠵᠢᠨ ᠪᠡᠶ᠎ᠡ ᠶᠢ  ᠪᠦᠲᠦᠭᠡᠵᠦ ᠪᠠᠶᠢᠭ᠎ᠠ ᠣᠯᠠᠨ ᠨᠠᠷᠢᠨ ᠤᠷᠲᠤ ᠮᠣᠳᠤᠳ᠂᠂ ᠲᠡᠭᠦᠨ  ᠳᠤ ᠣᠨᠢ ᠶᠢᠨ ᠲᠣᠯᠣᠭᠠᠢ  ︵ᠣᠨᠢ ᠶᠢᠨ ᠲᠣᠭᠤᠨᠤᠨ ᠳᠤ ᠬᠠᠳᠬᠤᠵᠤ ᠪᠠᠶᠢᠬᠤ ᠦᠵᠦᠭᠦᠷ ᠢ ᠵᠢᠭᠠᠵᠤ ᠪᠤᠢ︶᠂ ᠣᠨᠢ ᠶᠢᠨ ᠲᠠᠩᠨᠠᠢ  ︵ᠣᠨᠢ ᠶᠢᠨ ᠳᠦᠷᠪᠡᠯᠵᠢᠯᠡᠨ ᠬᠠᠪᠲᠠᠭᠠᠶᠢᠯᠠᠭᠰᠠᠨ ᠦᠵᠦᠭᠦᠷ ᠲᠣᠯᠣᠭᠠᠢ ︶᠂ ᠣᠨᠢ ᠶᠢᠨ  ᠶᠣᠵᠣᠭᠤᠷ  ︵ᠣᠨᠢ ᠶᠢᠨ ᠬᠠᠨ᠎ᠠ ᠶᠢᠨ ᠲᠣᠯᠣᠭᠠᠢ ᠲᠠᠢ ᠨᠡᠶᠢᠯᠡᠵᠦ ᠪᠠᠶᠢᠭ᠎ᠠ ᠰᠡᠭᠡᠯᠳᠦᠷᠭᠡ ᠲᠠᠢ ᠦᠵᠦᠭᠦᠷ ︶ ᠭᠡᠬᠦ ᠭᠤᠷᠪᠠᠨ ᠬᠡᠰᠡᠭ ᠲᠠᠢ ᠃      ᠣᠨᠢ ᠶᠢᠨ ᠰᠡᠭᠡᠯᠳᠦᠷᠭᠡ ᠭᠡᠳᠡᠭ ᠨᠢ ᠬᠠᠨ᠎ᠠ ᠶᠢᠨ ᠲᠣᠯᠣᠭᠠᠢ ᠲᠠᠢ ᠬᠤᠯᠪᠣᠨ ᠲᠣᠭᠲᠠᠭᠠᠬᠤ ᠪᠢᠳᠡᠭᠦᠦ ᠣᠭᠤᠰᠣᠷ ᠪᠤᠯᠬᠤ ᠬᠢᠯᠭᠠᠰᠤ ᠪᠠᠷ ᠲᠠᠮᠤᠭᠰᠠᠨ ᠨᠠᠷᠢᠨ ᠳᠡᠭᠡᠰᠦ ᠶᠢ ᠬᠡᠯᠡᠳᠡᠭ᠃      ᠬᠠᠨ᠎ᠠ — ᠭᠡᠷ ᠤᠨ ᠳᠣᠣᠷᠠᠳᠤ ᠪᠡᠶ᠎ᠡ ᠶᠢᠨ ᠬᠡᠰᠡᠭ ᠢ ᠬᠡᠯᠡᠳᠡᠭ᠃ ᠬᠠᠨ᠎ᠠ ᠨᠢ ᠬᠠᠨ᠎ᠠ ᠶᠢᠨ ᠲᠣᠯᠣᠭᠠᠢ᠂ ᠬᠠᠨ᠎ᠠ ᠶᠢᠨ ᠠᠮᠠ᠂ ᠬᠠᠨ᠎ᠠ ᠶᠢᠨ ᠨᠢᠳᠦ᠂ ᠬᠠᠨ᠎ᠠ  ᠶᠢᠨ ᠰᠠᠷᠠᠪᠴᠢ᠂ ᠬᠠᠨ᠎ᠠ ᠶᠢᠨ ᠪᠡᠶ᠎ᠡ᠂ ᠬᠠᠨ᠎ᠠ ᠶᠢᠨ ᠴᠡᠭᠡᠵᠢ᠂ ᠬᠠᠨ᠎ᠠ ᠶᠢᠨ ᠰᠢᠭᠢᠷ᠎ᠡ᠂ ᠬᠠᠨ᠎ᠠ ᠶᠢᠨ ᠦᠳᠡᠭᠡᠷᠢ ᠵᠡᠷᠭᠡ ᠵᠦᠢᠯ ᠢᠶᠠᠷ ᠪᠦᠳᠥᠨ᠎ᠡ᠃      ᠬᠠᠨ᠎ᠠ ᠶᠢᠨ ᠲᠣᠯᠣᠭᠠᠢ ᠪᠣᠯ ᠣᠨᠢ ᠶᠢᠨ ᠳᠣᠣᠷᠠᠳᠤ ᠦᠵᠦᠭᠦᠷ ᠢ ᠲᠣᠭᠲᠠᠭᠠᠵᠤ ᠪᠠᠶᠢᠭ᠎ᠠ ᠬᠠᠨ᠎ᠠ ᠶᠢᠨ ᠳᠡᠭᠡᠲᠤ ᠬᠡᠰᠡᠭ᠃ ᠬᠠᠨ᠎ᠠ ᠶᠢᠨ ᠠᠮᠠ ᠭᠡᠳᠡᠭ  ᠪᠣᠯ ᠬᠤᠶᠠᠷ ᠬᠠᠨ᠎ᠠ ᠨᠡᠶᠢᠯᠡᠬᠦ ᠠᠭᠤᠯᠵᠠᠭᠤᠢ ᠢ ᠬᠡᠯᠡᠨ᠎ᠡ᠃ ᠬᠠᠨ᠎ᠠ ᠶᠢᠨ ᠨᠢᠳᠦ ᠭᠡᠳᠡᠭ ᠪᠣᠯ ᠳᠡᠯᠭᠡᠭᠰᠡᠨ ᠬᠠᠨ᠎ᠠ ᠶᠢᠨ ᠳᠥᠷᠪᠡᠯᠵᠢᠨ ᠨᠦᠬᠡ᠂ ᠬᠠᠨ᠎ᠠ ᠶᠢᠨ ᠰᠠᠷᠠᠪᠴᠢ ᠭᠡᠳᠡᠭ ᠨᠢ ᠬᠠᠨ᠎ᠠ ᠶᠢᠨ ᠲᠣᠯᠣᠭᠠᠢ ᠶᠢᠨ ᠬᠡᠰᠡᠭ ᠨᠢ ᠭᠠᠳᠠᠭᠰᠢ ᠪᠠᠨ ᠮᠡᠳᠡᠶᠢᠵᠦ ᠪᠠᠶᠢᠭ᠎ᠠ ᠬᠡᠰᠡᠭ ᠢ ᠵᠢᠭᠠᠵᠤ ᠪᠤᠢ᠃ ᠬᠠᠨ᠎ᠠ ᠶᠢᠨ ᠴᠡᠭᠡᠵᠢ ᠪᠣᠯ ᠬᠠᠨ᠎ᠠ ᠶᠢᠨ ᠳᠤᠮᠳᠠ ᠬᠡᠰᠡᠭ ᠢ ᠬᠡᠯᠡᠨ᠎ᠡ᠃ ᠬᠠᠨ᠎ᠠ ᠶᠢᠨ ᠰᠢᠭᠢᠷ᠎ᠡ ᠪᠣᠯ ᠬᠠᠨ᠎ᠠ ᠶᠢᠨ ᠭᠠᠵᠠᠷ ᠲᠤ ᠲᠤᠯᠵᠤ ᠪᠠᠶᠢᠭ᠎ᠠ ᠳᠣᠣᠷᠠᠳᠤ ᠬᠡᠰᠡᠭ ᠢ ᠨᠢ ᠬᠡᠯᠡᠨ᠎ᠡ᠃      ᠦᠳᠡᠬᠡᠷᠢ ᠪᠣᠯ ᠬᠠᠨ᠎ᠠ ᠶᠢ ᠲᠣᠪᠴᠢᠯᠠᠨ ᠦᠳᠡᠬᠦ ᠪᠠᠬᠢᠯᠡᠭᠡᠰᠦ᠂ ᠬᠠᠨ᠎ᠠ ᠶᠢᠨ ᠭᠦᠯᠢᠭ ᠭᠡᠳᠡᠭ ᠪᠣᠯ ᠬᠤᠶᠠᠷ ᠬᠠᠨ᠎ᠠ ᠶᠢᠨ ᠵᠥᠷᠢᠯᠳᠦᠭᠰᠡᠨ ᠠᠮᠠ ᠶᠢ ᠪᠠᠬᠢᠯᠡᠨ ᠣᠶᠠᠬᠤ ᠨᠠᠷᠢᠨ ᠳᠡᠭᠡᠰᠦ ᠶᠢ ᠬᠡᠯᠡᠨ᠎ᠡ ᠃ᠮᠣᠩᠭᠤᠯ ᠭᠡᠷ ᠤᠨ ᠬᠠᠭᠠᠯᠭ᠎ᠠ ᠳᠤ ᠵᠡᠰᠢᠩ ᠬᠠᠭᠠᠯᠠᠨ᠎ᠠ᠂ ᠬᠠᠪᠲᠠᠰᠤᠨ ᠬᠠᠭᠠᠯᠠᠨ᠎ᠠ ᠭᠡᠵᠦ ᠪᠠᠶᠢᠳᠠᠭ᠃  ᠵᠠᠰᠢᠩ ᠬᠠᠭᠠᠯᠭ᠎ᠠ ᠨᠢ ᠠᠳᠠᠯᠢ ᠬᠤᠶᠠᠷ ᠬᠡᠰᠡᠭ ᠬᠠᠪᠲᠠᠰᠤ  ᠪᠠᠷ ᠬᠢᠭᠰᠡᠨ ᠪᠠᠶᠢᠳᠠᠭ ᠪᠠ ᠬᠠᠪᠲᠠᠰᠤᠨ ᠬᠠᠭᠠᠯᠠᠨ᠎ᠠ ᠭᠡᠳᠡᠭ ᠨᠢ ᠨᠢᠭᠡ ᠲᠠᠶᠢᠰᠢ ᠨᠡᠭᠡᠭᠡᠬᠦ ᠵᠢᠭᠠᠬᠠᠨ ᠴᠣᠩᠬᠤ ᠲᠠᠢ ᠬᠠᠭᠠᠯᠭ᠎ᠠ ᠶᠢ ᠬᠡᠯᠡᠳᠡᠭ᠃ ᠭᠡᠷ ᠤᠨ ᠬᠠᠭᠠᠯᠭ᠎ᠠ ᠶᠢ ᠪᠦᠷ ᠮᠣᠳᠣ ᠪᠠᠷ ᠬᠢᠳᠡᠭ᠃       ᠬᠠᠭᠠᠯᠭ᠎ᠠ ᠶᠢᠨ ᠭᠠᠳᠠᠭᠤᠷ ᠪᠠᠶᠢᠭ᠎ᠠ ᠬᠦᠷᠢᠶ᠎ᠡ ᠶᠢ ᠬᠠᠳᠠᠪᠴᠢ ᠭᠡᠳᠡᠭ᠃ ᠡᠨᠡ ᠨᠢ ᠬᠠᠭᠠᠯᠭ᠎ᠠ  ᠶᠢ ᠲᠣᠭᠲᠠᠭᠠᠬᠤ᠂ ᠲᠣᠯᠬᠤ ᠦᠢᠯᠡᠳᠦᠯ ᠲᠠᠢ᠃      ᠬᠠᠭᠠᠯᠭᠠᠨ ᠤ ᠬᠦᠷᠢᠶᠡᠨ ᠤ ᠭᠠᠳᠠᠨ᠎ᠠ ᠳᠡᠭᠡᠳᠦ ᠲᠠᠯ᠎ᠠ ᠠᠴᠠ ᠡᠯᠭᠦᠭᠰᠡᠨ ᠢᠰᠡᠭᠡᠢ ( ᠰᠢᠷᠢᠮᠠᠯ ᠢᠰᠡᠭᠡᠢ ) ᠶᠢ ᠡᠭᠦᠳᠡ ᠭᠡᠳᠡᠭ ᠃ᠡᠭᠦᠳᠡ ᠶᠢ ᠰᠡᠭᠦᠵᠦ ᠭᠡᠷ ᠲᠤ ᠣᠷᠣᠬᠤ ᠳᠠᠭᠠᠨ ᠵᠡᠭᠦᠨ ᠲᠠᠯ᠎ᠠ ᠶᠢ ᠨᠢ ᠰᠡᠭᠦᠨ ᠣᠷᠣᠵᠤ ᠭᠠᠷᠤᠨ᠎ᠠ᠃  ᠪᠠᠩᠰᠠᠨ ᠬᠠᠭᠠᠯᠭ᠎ᠠ ᠶᠢᠨ ᠬᠤᠶᠠᠷ ᠬᠠᠪᠲᠠᠰᠤ ᠶᠢ ᠨᠡᠶᠢᠯᠡᠭᠦᠯᠦᠨ ᠲᠡᠪᠬᠡᠯᠡᠬᠦ ᠨᠢᠮᠭᠡᠨ ᠬᠠᠪᠲᠠᠭᠠᠢ ᠮᠣᠳᠣ ᠶᠢ ᠰᠤᠨᠲᠠᠭᠠᠰᠤ ᠭᠡᠳᠡᠭ᠃ ᠡᠨᠡ ᠨᠢ ᠬᠠᠭᠠᠯᠭ᠎ᠠ ᠶᠢ ᠪᠠᠬᠢᠯᠡᠨ ᠲᠣᠭᠲᠠᠭᠠᠬᠤ ᠦᠢᠯᠡᠳᠦᠯ ᠲᠠᠢ ᠶᠤᠮ᠃ ᠳᠡᠭᠡᠷ᠎ᠡ ᠳᠤᠷᠠᠲᠤᠭᠰᠠᠨ ᠮᠣᠩᠭᠤᠯ ᠭᠡᠷ ᠤᠨ ᠲᠣᠨᠤᠭ ᠵᠦᠢᠯ ᠪᠣᠯ ᠪᠦᠷ ᠮᠣᠳᠣ ᠪᠠᠷ ᠬᠢᠭᠰᠡᠨ ᠪᠠᠶᠢᠳᠠᠭ᠃ᠡᠷᠦᠭᠡ ᠭᠡᠳᠡᠭ ᠪᠣᠯ ᠲᠣᠭᠤᠨᠣ ᠶᠢ ᠪᠦᠷᠬᠦᠬᠦ ᠠᠮᠠ ᠳᠥᠷᠪᠡᠯᠵᠢᠨ ᠢᠰᠡᠭᠡᠢ ᠪᠣᠯᠣᠨ᠎ᠠ᠃ ᠳᠥᠷᠪᠡᠨ ᠦᠨᠴᠦᠭ ᠲᠤᠨᠢ ᠪᠦᠷ ᠤᠭᠤᠰᠤᠷ ᠬᠠᠲᠠᠵᠤ᠂ ᠭᠤᠷᠪᠠᠨ ᠥᠨᠴᠥᠭ ᠤᠨ ᠣᠭᠤᠰᠤᠷ ᠢ ᠭᠡᠷ ᠤᠨ ᠵᠡᠭᠦᠨ ᠪᠠᠷᠠᠭᠤᠨ ᠬᠤᠶᠢᠨ᠎ᠠ ᠪᠦᠰᠡᠯᠡᠭᠦᠷ ᠲᠤ ᠪᠠᠬᠢᠯᠡᠨ ᠤᠶᠠᠵᠤ᠂ ᠭᠠᠭᠴᠠ ᠡᠮᠦᠨᠡᠰᠢ ᠬᠤᠰᠢᠭᠤᠯᠠᠭᠰᠠᠨ ᠥᠨᠴᠥᠭ ᠤᠨ ᠣᠭᠤᠰᠤᠷ ᠲᠤ ᠨᠠᠷᠢᠪᠲᠣᠷ ᠮᠣᠳᠣ ᠤᠶᠠᠵᠤ ᠠᠮᠢᠳᠤᠯᠢᠭ ᠪᠠᠶᠢᠯᠭᠠᠨ᠎ᠠ᠃ ᠡᠳᠦᠷ ᠪᠣᠯᠪᠠᠯ ᠡᠷᠦᠬᠡ ᠪᠠᠨ ᠰᠡᠭᠦᠨ ᠬᠤᠶᠢᠰᠢ ᠲᠠᠲᠠᠨ ᠭᠤᠷᠪᠠᠯᠵᠢᠨ ᠪᠣᠯᠭᠠᠨ᠎ᠠ᠃ ᠡᠭᠦᠨ ᠢ ᠡᠷᠦᠭᠡ ᠲᠠᠲᠠᠬᠤ ᠭᠡᠨ᠎ᠡ᠃ ᠰᠥᠨᠢ ᠤᠷᠤᠭᠰᠢ ᠲᠠᠲᠠᠵᠤ ᠪᠥᠲᠡᠭᠡᠨ᠎ᠡ᠃ ᠡᠭᠦᠨ ᠢ ᠡᠷᠦᠭᠡ ᠪᠥᠲᠡᠭᠡᠬᠦ ᠭᠡᠨ᠎ᠡ ᠃      ᠭᠡᠷ ᠤᠨ ᠳᠡᠭᠡᠪᠦᠷ ᠤᠨ ᠭᠠᠳᠠᠭᠤᠷ ᠪᠥᠰ ᠵᠡᠷᠭᠡ ᠡᠳ᠋ ᠢᠶᠠᠷ ᠭᠤᠶᠣᠯᠠᠨ ᠤᠶᠤᠳᠠᠭ᠂ ᠲᠣᠭᠤᠨᠣ ᠶᠢ ᠲᠤᠭᠤᠶᠢᠯᠠᠭᠤᠯᠤᠭᠰᠠᠨ ᠪᠥᠭᠡᠳ ᠳᠥᠷᠪᠡᠨ ᠵᠦᠭ ᠲᠤ ᠬᠠᠨ᠎ᠠ ᠶᠢᠨ ᠲᠣᠯᠣᠭᠠᠢ ᠭᠦᠷᠲᠡᠯ᠎ᠡ ᠨᠠᠷᠢᠪᠳᠤᠷ ᠬᠤᠰᠢᠭᠤ ᠭᠠᠷᠭᠠᠨ ᠤᠷᠠᠯᠠᠨ ᠪᠦᠲᠦᠭᠡᠭᠰᠡᠨ ᠴᠢᠮᠡᠭᠯᠡᠯ ᠢ ᠬᠥᠯᠲᠥᠷᠬᠡ ᠭᠡᠨ᠎ᠡ᠃      ᠭᠡᠷ ᠤᠨ ᠳᠡᠭᠡᠳᠦ ᠬᠡᠰᠡᠭ ᠤᠨ᠂ ᠣᠨᠢ ᠶᠢ ᠪᠦᠷᠭᠦᠨ ᠪᠥᠲᠡᠭᠡᠭᠰᠡᠨ ᠳᠡᠪᠢᠭᠦᠷ ᠭᠡᠯᠪᠡᠷᠢ ᠲᠠᠢ ᠬᠤᠶᠠᠷ ᠬᠡᠰᠡᠭ ᠢᠰᠡᠭᠡᠢ ᠶᠢ ᠭᠡᠷ ᠤᠨ ᠳᠡᠭᠡᠪᠦᠷ ᠭᠡᠳᠡᠭ᠃ ᠬᠠᠨ᠎ᠠ  ᠶᠢᠨ ᠪᠦᠷᠢᠶᠡᠰᠦ ᠶᠢ ᠲᠣᠭᠤᠷᠭ᠎ᠠ ᠭᠡᠳᠡᠭ᠃ ᠲᠣᠭᠤᠷᠭᠠᠨ ᠤ ᠬᠤᠷᠮᠣᠢ ᠶᠢ ᠳᠠᠷᠤᠭᠰᠠᠨ ᠬᠠᠨ᠎ᠠ ᠶᠢᠨ ᠰᠢᠭᠢᠷ᠎ᠡ ᠶᠢᠨ ᠪᠦᠷᠢᠶᠡᠰᠦ ᠶᠢ ᠬᠠᠶᠠᠭᠠᠪᠴᠢ ᠭᠡᠨ᠎ᠡ᠃ ᠭᠡᠷ ᠤᠨ ᠳᠡᠭᠡᠪᠦᠷ ᠤᠨ ᠲᠣᠲᠣᠭᠤᠷ ᠪᠠᠷᠢᠬᠤ ᠳᠠᠪᠠᠭ᠋ᠤᠷᠯᠢᠭ ᠨᠢᠮᠭᠡᠨ ᠢᠰᠡᠭᠡᠢ ᠶᠢ ᠴᠡᠪᠣᠭ ᠬᠡᠳᠡᠭ᠃ᠭᠡᠷ ᠤᠨ ᠳᠡᠭᠡᠪᠦᠷ ᠪᠠ ᠲᠣᠭᠤᠷᠭ᠎ᠠ ᠵᠡᠷᠭᠡ ᠶᠢ ᠰᠣᠩᠬᠤ ᠠᠴᠠ ᠬᠢᠴᠢᠶᠡᠵᠦ ᠴᠥᠮ ᠭᠦᠪᠡᠭᠡ ᠪᠠᠷ ᠨᠢ ᠬᠢᠯᠭᠠᠰᠣᠨ ᠳᠡᠭᠡᠰᠦ ᠪᠠᠷᠢᠵᠤ ᠪᠠᠬᠢᠯᠡᠨ ᠣᠶᠤᠳᠠᠭ᠃ ᠡᠶᠢᠮᠦ ᠳᠡᠭᠡᠰᠦ ᠶᠢ ᠵᠡᠬᠡᠭ ᠭᠡᠳᠡᠭ᠃     ᠨᠢᠴᠦᠭᠦᠨ ᠬᠠᠨ᠎ᠠ ᠶᠢ ᠬᠠᠪᠴᠢᠵᠤ ᠬᠤᠯᠪᠤᠵᠤ ᠲᠠᠲᠠᠭᠰᠠᠨ ᠳᠡᠭᠡᠰᠦ ᠶᠢ ᠭᠡᠷ ᠤᠨ ᠪᠦᠰᠡᠯᠡᠭᠦᠷ ᠭᠡᠳᠡᠭ᠃ ᠲᠣᠭᠤᠷᠭ᠎ᠠ ᠶᠢᠨ ᠭᠠᠳᠠᠭᠤᠷ ᠲᠣᠭᠤᠷᠢᠭᠤᠯᠤᠨ ᠲᠠᠲᠠᠭᠰᠠᠨ ᠣᠶᠤᠮᠠᠯ ᠬᠠᠪᠲᠠᠭᠠᠢ ᠳᠡᠭᠡᠰᠦ ᠶᠢ ᠶᠦᠳ᠋ ᠭᠡᠳᠡᠭ᠃ ᠵᠤᠨ ᠤ ᠴᠠᠭ ᠲᠤ ᠬᠤᠶᠠᠷ ᠵᠦᠳ᠋ ᠲᠠᠲᠠᠵᠤ ᠡᠪᠦᠯ ᠴᠠᠭ ᠭᠤᠷᠪᠠᠨ ᠵᠦᠳ᠋ ᠲᠠᠲᠠᠳᠠᠭ᠃ ᠳᠡᠭᠡᠳᠦ ᠵᠦᠳ᠋᠂ ᠳᠤᠮᠳᠠ ᠵᠦᠳ᠋᠂ ᠳᠣᠣᠷ᠎ᠠ ᠶᠦᠳ᠋ ᠭᠡᠵᠦ ᠪᠠᠰᠠ ᠬᠡᠯᠡᠳᠡᠭ᠃  ᠵᠦᠳ᠋ ᠢ ᠬᠠᠷ᠎ᠠ ᠬᠢᠯᠭᠠᠰᠤᠨ ᠬᠤᠰᠢᠯᠠᠩ ᠢᠶᠠᠷ ᠨᠡᠶᠢᠯᠡᠭᠦᠯᠵᠦ ᠣᠶᠣᠵᠣ ᠬᠢᠳᠡᠭ᠃ ᠬᠤᠰᠢᠯᠠᠩ ᠭᠡᠳᠡᠭ ᠪᠣᠯ ᠡᠰᠡᠷᠭᠦ ᠲᠡᠰᠡᠷᠭᠦ ᠡᠷᠴᠢᠲᠡᠢ ᠨᠠᠷᠢᠨ ᠳᠡᠭᠡᠰᠦ ᠶᠢ ᠬᠤᠶᠠᠷ ᠪᠤᠶᠤ ᠭᠤᠷᠪᠠ᠂ ᠳᠥᠷᠪᠡ᠂ ᠵᠢᠷᠭᠤᠭ᠎ᠠ ᠪᠠᠷ ᠵᠡᠷᠭᠡᠴᠡᠭᠦᠯᠦᠨ ᠣᠶᠣᠭᠰᠠᠨ ᠬᠠᠪᠲᠠᠭᠠᠢ ᠬᠢᠯᠭᠠᠰᠤᠨ ᠳᠡᠭᠡᠰᠦ ᠶᠢ ᠬᠡᠯᠡᠨ᠎ᠡ ᠃     ᠲᠣᠭᠤᠷᠭ᠎ᠠ ᠶᠢᠨ ᠳᠣᠲᠣᠷ᠎ᠠ ᠲᠠᠯ᠎ᠠ ᠳᠤ ᠳᠠᠪᠬᠤᠷᠯᠠᠨ ᠪᠦᠷᠬᠦᠭᠰᠡᠨ ᠨᠢᠮᠭᠡᠨ ᠲᠡᠩ ᠢᠰᠡᠭᠡᠢ ᠶᠢ ᠡᠯᠪᠡᠭᠡᠰᠢ ᠭᠡᠳᠡᠭ ᠃     ᠡᠭᠦᠳᠡᠨ ᠤ ᠳᠡᠭᠡᠳᠦ ᠡᠲᠡᠭᠡᠳ ᠲᠤ ᠰᠠᠷᠠᠪᠴᠢᠯᠠᠵᠤ ᠬᠢᠭᠰᠡᠨ ᠢᠰᠡᠭᠡᠢ ᠶᠢ ᠲᠣᠲᠣᠭᠤ ᠬᠡᠳᠡᠭ᠃     ᠡᠪᠦᠯ ᠴᠠᠭ ᠭᠡᠷ ᠢᠶᠠᠨ ᠳᠤᠯᠠᠭᠠᠯᠠᠬᠤ ᠶᠢᠨ ᠲᠥᠯᠥᠭᠡ ᠭᠡᠷ ‍ᠦᠨ‌‍ᠲ᠋ᠣᠳᠣᠭᠠᠳᠤ ᠬᠠᠨ᠎ᠠ ᠶᠢ ᠪᠦᠷᠬᠦᠵᠦ ᠲᠠᠲᠠᠭᠰᠠᠨ  ᠲᠣᠭᠤᠷᠭ᠎ᠠ ᠶᠢ ᠬᠥᠰᠢᠭᠡ ᠭᠡᠳᠡᠭ᠃ ᠡᠨᠡ ᠬᠦ ᠬᠥᠰᠢᠭᠡ ᠶᠢᠨ ᠭᠦᠪᠡᠭᠡ ᠶᠢ ᠤᠯᠠᠭᠠᠨ᠂ ᠪᠣᠷᠣ᠂ ᠬᠥᠬᠡ ᠪᠥᠰ ᠢᠶᠠᠷ ᠬᠥᠪᠡᠭᠡᠯᠡᠵᠦ᠂ ᠪᠠᠰᠠ ᠥᠨᠴᠥᠭ ᠲᠤᠨᠢ ᠭᠡ ᠤᠭᠠᠯᠵᠠ ᠮᠡᠲᠦ ᠶᠢ ᠭᠠᠷᠭᠠᠵᠤ ᠤᠷᠠᠯᠠᠨ ᠴᠢᠮᠡᠭᠯᠡᠵᠦ  ᠬᠢᠳᠡᠭ ᠪᠢᠯᠡ᠃     ᠳᠠᠷᠤᠭᠤᠯᠭ᠎ᠠ ᠭᠡᠳᠡᠭ ᠪᠣᠯ ᠨᠢᠴᠦᠭᠦᠨ ᠣᠨᠢ ᠶᠢ ᠲᠣᠭᠲᠠᠪᠤᠷᠢᠵᠢᠭᠤᠯᠤᠨ ᠪᠠᠬᠢᠯᠡᠵᠦ ᠳᠠᠷᠤᠬᠤ ᠤᠭᠤᠰᠤᠷ ᠢ ᠬᠡᠯᠡᠨ᠎ᠡ᠃     ᠵᠠᠪᠠᠭ ᠭᠡᠳᠡᠭ ᠪᠣᠯ ᠭᠡᠷ ᠤᠨ ᠳᠡᠭᠡᠪᠦᠷ ᠪᠣᠯᠣᠨ ᠲᠣᠭᠤᠷᠭ᠎ᠠ ᠶᠢᠨ ᠵᠥᠷᠢᠭᠰᠡᠨ ᠭᠠᠵᠠᠷ ᠢ ᠵᠢᠭᠠᠵᠤ ᠪᠣᠢ᠃     ᠴᠢᠭᠳᠠᠭ᠎ᠠ ᠪᠣᠯ ᠲᠣᠭᠤᠨᠣ ᠶᠢᠨ ᠳᠤᠮᠳᠠᠬᠢ ᠭᠤᠣᠯ ᠮᠣᠳᠣᠨ ᠠᠴᠠ ᠳᠣᠲᠣᠭᠰᠢ ᠨᠢ ᠲᠠᠲᠠᠭᠰᠠᠨ ᠬᠤᠰᠢᠯᠠᠩ ᠢ ᠬᠡᠯᠡᠳᠡᠭ᠃  ᠲᠡᠭᠦᠨ ᠤ ᠦᠢᠯᠡᠳᠦᠯ ᠨᠢ ᠭᠡᠷ ᠢ ᠰᠠᠯᠬᠢᠨ ᠰᠢᠭᠤᠷᠭᠠᠨ ᠠᠴᠠ ᠬᠠᠮᠠᠭᠠᠯᠠᠨ ᠪᠠᠬᠢᠯᠡᠵᠦ ᠲᠣᠭᠲᠠᠭᠠᠬᠤ ᠦᠢᠯᠡᠳᠦᠯ ᠲᠠᠢ᠂ ᠶᠡᠷᠦ ᠶᠢᠨ ᠴᠠᠭ ᠲᠤ ᠴᠢᠭᠳᠠᠭ᠎ᠠ ᠶᠢᠨ ᠤᠭᠤᠰᠤᠷ ᠭᠡᠷ ᠤᠨ ᠵᠡᠭᠦᠨ ᠬᠤᠶᠢᠲᠤ ᠣᠨᠢ ᠶᠢᠨ ᠳᠤᠮᠳᠠᠭᠤᠷ ᠭᠤᠭᠴᠣᠭᠠᠯᠠᠨ ᠤᠶᠠᠵᠤ ᠪᠠᠶᠢᠳᠠᠭ ᠪᠥᠭᠡᠳ ᠴᠢᠭᠳᠠᠭᠠᠨ ᠠᠴᠠ ᠤᠯᠠᠭᠠᠨ᠂ ᠰᠢᠷ᠎ᠠ ᠭᠬᠢᠪ ᠪᠤᠶᠤ ᠤᠯᠠᠭᠠᠨ ᠨᠣᠭᠤᠭᠠᠨ ᠥᠩᠭᠡ ᠶᠢᠨ ᠲᠣᠷᠭ᠎ᠠ ᠳᠤᠷᠳᠤᠩ ᠤᠨ ᠥᠭᠡᠳᠡᠰᠦ ᠤᠶᠠᠵᠤ ᠴᠢᠮᠡᠭᠯᠡᠨ ᠰᠢᠳᠤᠵᠦ ᠪᠠᠶᠢᠬᠤ ᠶᠣᠰᠣᠲᠠᠢ᠃     ᠬᠡᠷᠪᠡ ᠶᠠᠮᠠᠷ ᠴᠤ ᠶᠠᠭᠤᠮ᠎ᠠ ᠤᠶᠠᠵᠤ ᠴᠢᠮᠡᠭᠯᠡᠬᠦ ᠦᠭᠡᠢ ᠳᠤ ᠭᠦᠷᠪᠡᠯ᠂ ᠶᠣᠰᠣ ᠮᠡᠳᠡᠭᠦ ᠦᠭᠡᠢ᠂ ᠶᠣᠷᠤᠭ ᠲᠠᠨᠢᠬᠤ ᠦᠭᠡᠢ ᠪᠤᠶᠠᠨ ᠬᠡᠰᠢᠭ ᠢᠶᠠᠨ ᠪᠠᠷᠠᠭᠰᠠᠨ  ᠳᠤ ᠲᠤᠭᠠᠴᠠᠭᠳᠠᠨ᠎ᠠ᠃     ᠴᠢᠭᠳᠠᠭ᠎ᠠ ᠶᠢ ᠵᠠᠰᠠᠨ ᠴᠢᠮᠡᠭᠯᠡᠬᠦ ᠨᠢ ᠬᠢᠳᠡᠳ ᠦᠨᠳᠦᠰᠦᠲᠡᠨ ᠤ ᠪᠠᠶᠢᠰᠢᠩ ᠤᠨ ᠨᠢᠷᠤᠭᠤᠨ ᠳᠤ ᠤᠯᠠᠭᠠᠨ ᠪᠦᠰᠡᠨ ᠳᠡᠭᠡᠷ᠎ᠡ ᠬᠤᠣᠰ ᠠᠷᠭ᠎ᠠ ᠪᠢᠯᠢᠭ ᠵᠢᠭᠠᠰᠤ ᠵᠢᠷᠤᠵᠤ᠂ ᠪᠢᠴᠢᠬᠠᠨ ᠤᠯᠠᠭᠠᠨ ᠪᠥᠰ ᠣᠭᠤᠲᠠᠨ ᠳᠤ ᠲᠠᠪᠣᠨ ᠲᠠᠷᠢᠶᠠᠨ ᠤ ᠦᠷ᠎ᠡ ᠰᠠᠪᠠᠯᠠᠵᠤ᠂  ᠭᠠᠣᠯᠢᠨ ᠵᠣᠭᠤᠰ ᠭᠤᠷᠪᠠ᠂ ᠨᠢᠭᠡᠨ ᠬᠤᠣᠰ ᠰᠢᠨ᠎ᠡ ᠰᠠᠪᠬ᠎ᠠ ᠶᠢ ᠣᠯᠠᠭᠠᠨ ᠲᠣᠷᠭᠠᠨ ᠤᠲᠠᠰᠤ ᠪᠠᠷ ᠬᠤᠯᠪᠣᠨ ᠨᠢᠷᠤᠭᠤᠨ ᠤ ᠠᠰ ᠭᠤᠣᠯ ᠳᠤ ᠪᠠᠬᠢᠯᠡᠨ ᠲᠠᠯᠪᠢᠬᠤ ᠲᠠᠢ ᠠᠳᠠᠯᠢ ᠪᠠᠶᠢᠵᠤ᠂ ᠠᠶᠢᠯ ᠭᠡᠷ ᠤᠨ ᠪᠤᠶᠠᠨ ᠬᠡᠰᠢᠭ ᠢ ᠪᠡᠯᠭᠡᠳᠡᠨ ᠰᠢᠳᠤᠵᠦ ᠪᠠᠶᠠᠨ ᠥᠷᠭᠡᠨ ᠥᠭᠡᠳᠡᠷᠬᠡᠭ ᠶᠠᠪᠤᠬᠤ ᠶᠢ ᠵᠣᠷᠢᠭᠰᠠᠨ ᠨᠢᠭᠤᠴᠠ ᠤᠪᠡᠳᠢᠰᠲᠤ ᠤᠬᠠᠭᠠᠨ ᠲᠠᠢ ᠪᠠᠶᠢᠳᠠᠭ᠃ ᠪᠠᠰᠠ ᠭᠠᠵᠠᠷ ᠤᠰᠤ ᠵᠠᠰᠠᠵᠤ ᠪᠠᠶᠢᠬᠤ ᠤᠴᠢᠷ ᠲᠠᠢ᠃  
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ