ᠭᠡᠦᠭᠡᠳ ᠤᠨ ᠪᠡᠶ᠎ᠡ ᠶᠢᠨ ᠦᠰᠦᠯᠳᠡ ᠳᠤ ᠳᠤᠳᠠᠭᠳᠠᠵᠤ ᠪᠤᠯᠤᠰᠢ ᠦᠭᠡᠢ 5 ᠵᠦᠢᠯ ᠤᠨ ᠰᠢᠮ᠎ᠡ ᠳᠡᠵᠢᠭᠡᠯᠳᠤ ᠢᠳᠡᠭᠡᠨ
ᠨᠡᠶᠢᠲᠡᠯᠡᠭᠰᠡᠨ ᠴᠠᠭ᠄
2022/10/28
      ᠭᠡᠦᠭᠡᠳ ᠤᠨ ᠪᠡᠶ᠎ᠡ ᠶᠢᠨ ᠦᠰᠦᠯᠳᠡ ᠳᠤ ᠪᠡᠶ᠎ᠡ ᠮᠠᠬᠠᠪᠤᠳ ᠤᠨ ᠡᠷᠡᠭᠦᠯ ᠴᠢᠬᠢᠷᠠᠭ ᠨᠢ ᠨᠦᠯᠦᠭᠡ ᠦᠵᠡᠬᠦᠯᠳᠡᠭ ᠢᠶᠠᠷ ᠪᠠᠷᠠᠬᠤ ᠦᠭᠡᠢ ᠢᠳᠡᠰᠢ ᠤᠤᠭᠤᠰᠢᠨ ᠤ ᠰᠢᠮ᠎ᠡ ᠳᠡᠵᠢᠭᠡᠯ ᠨᠢ ᠴᠤ ᠨᠦᠯᠦᠭᠡ ᠦᠵᠡᠬᠦᠯᠳᠡᠭ᠃ ᠳᠡᠭᠡᠪᠡᠯ ᠭᠡᠦᠭᠡᠳ ᠤᠨ ᠪᠡᠶ᠎ᠡ ᠶᠢᠨ ᠦᠰᠦᠯᠳᠡ ᠳᠤ ᠶᠠᠮᠠᠷ ᠵᠦᠢᠯ ᠤᠨ ᠰᠢᠮ᠎ᠡ ᠳᠡᠵᠢᠭᠡᠯᠳᠤ ᠢᠳᠡᠭᠡᠨ ᠭᠡᠷᠡᠭᠴᠡᠭᠡ ᠲᠠᠢ ᠪᠠᠶᠢᠳᠠᠭ ᠪᠤᠢ︖      ᠪᠦᠸᠧᠼᠠᠢ ᠨᠤᠭᠤᠭ᠎ᠠ — ᠪᠦᠸᠧᠼᠠᠢ ᠨᠤᠭᠤᠭ᠎ᠠ ᠳᠤ ᠳᠡᠮᠤᠷ ᠪᠤᠯᠤᠨ ᠺᠠᠯᠼ ᠡᠯᠪᠡᠭ ᠠᠭᠤᠯᠤᠭᠳᠠᠵᠤ ᠪᠠᠶᠢᠳᠠᠭ᠃ ᠭᠡᠪᠡᠴᠤ ᠤᠯᠠᠩᠬᠢ ᠭᠡᠦᠭᠡᠳ ᠪᠦᠸᠧᠼᠠᠢ ᠨᠤᠭᠤᠭ᠎ᠠ ᠢᠳᠡᠬᠦ ᠳᠤᠷ᠎ᠠ ᠦᠭᠡᠢ ᠪᠠᠶᠢᠳᠠᠭ ᠳᠤᠯᠠ ᠪᠦᠸᠧᠼᠠᠢ ᠨᠤᠭᠤᠭ᠎ᠠ ᠶᠢ ᠬᠦᠢᠳᠡᠨ ᠵᠠᠭᠤᠰᠢ ᠪᠤᠯᠭᠠᠵᠤ ᠬᠢᠬᠦ ᠦᠭᠡᠢ ᠬᠠᠷᠢᠨ ᠵᠤᠷᠪᠤᠰᠯᠠᠨ ᠭᠡᠷᠴᠢᠵᠤ ᠪᠤᠳᠠᠭ᠎ᠠ ᠲᠠᠢ ᠬᠠᠭᠤᠷᠤᠭᠠᠳ ᠭᠡᠦᠭᠡᠳ ᠲᠡᠭᠡᠨ ᠢᠳᠡᠭᠦᠯᠵᠤ ᠪᠤᠯᠦᠨ᠎ᠠ᠂ ᠡᠰᠡᠬᠦᠯ᠎ᠠ ᠤᠯᠠᠭᠠᠨ ᠨᠤᠭᠤᠭ᠎ᠠ ᠲᠠᠢ ᠪᠤᠯᠭᠤᠭᠠᠭᠰᠠᠨ ᠪᠤᠳᠠᠭᠠᠨ ᠳᠤ ᠬᠢᠵᠦ ᠢᠳᠡᠭᠦᠯᠦᠭᠰᠡᠨ ᠴᠤ ᠪᠤᠯᠤᠨ᠎ᠠ᠃      ᠬᠤᠯᠤᠤᠪᠠᠩ — ᠬᠤᠯᠤᠤᠪᠠᠩ ᠳᠤ ᠸᠢᠲ᠋ᠠᠮᠢᠨ A ᠡᠯᠪᠡᠭ ᠠᠭᠤᠯᠤᠭᠳᠠᠵᠤ ᠪᠠᠶᠢᠳᠠᠭ᠃ ᠸᠢᠲ᠋ᠠᠮᠢᠨ A ᠨᠢ ᠤᠭᠤᠷᠠᠭ ᠤᠨ ᠪᠦᠷᠢᠯᠳᠦᠯᠳᠡ ᠳᠤ ᠬᠠᠪᠰᠤᠷᠤᠮᠵᠢ ᠪᠤᠯᠳᠠᠭ᠃ ᠬᠡᠦᠭᠡᠳ ᠪᠦᠬᠦᠯᠢ ᠬᠤᠯᠤᠤᠪᠠᠩ ᠢ ᠢᠳᠡᠬᠦ ᠳᠤᠷ᠎ᠠ ᠦᠭᠡᠢ ᠪᠠᠶᠢᠳᠠᠭ ᠳᠤᠯᠠ ᠬᠤᠯᠤᠤᠪᠠᠩ ᠢᠶᠠᠷ ᠶᠠᠩᠵᠤ ᠪᠦᠷᠢ ᠶᠢᠨ ᠵᠠᠭᠤᠰᠢ ᠬᠢᠭᠡᠳ ᠭᠡᠦᠭᠡᠳ ᠲᠡᠭᠡᠨ ᠢᠳᠡᠭᠦᠯᠵᠦ ᠪᠤᠯᠤᠨ᠎ᠠ᠃ ᠭᠡᠦᠭᠡᠳ ᠲᠤ ᠬᠤᠯᠤᠤᠪᠠᠩ ᠤᠨ ᠰᠢᠬᠦᠰᠤ ᠶᠢ ᠰᠢᠬᠠᠵᠤ ᠤᠤᠭᠤᠯᠭᠠᠭᠰᠠᠨ ᠴᠤ ᠪᠤᠯᠬᠤ ᠶᠤᠮ᠃ ᠭᠡᠦᠭᠡᠳ ᠬᠤᠯᠤᠤᠪᠠᠩ ᠤᠨ ᠰᠢᠬᠦᠰᠦ ᠶᠢ ᠮᠦᠨ ᠤᠤᠭᠤᠬᠤ ᠳᠤᠷ᠎ᠠ ᠦᠭᠡᠢ ᠪᠠᠶᠢᠪᠠᠯ᠂ ᠬᠤᠯᠤᠤᠪᠠᠩ ᠢ ᠠᠯᠮᠤᠷᠠᠳ ᠲᠠᠢ ᠨᠡᠶᠢᠯᠡᠬᠦᠯᠵᠦ ᠰᠢᠬᠦᠰᠤ ᠶᠢ ᠨᠢ ᠰᠢᠬᠠᠵᠤ ᠠᠪᠤᠭᠠᠳ ᠠᠯᠮᠤᠷᠠᠳ ᠤᠨ ᠠᠮᠳᠠ ᠪᠠᠷ ᠬᠤᠯᠤᠤᠪᠠᠩ ᠤᠨ ᠠᠮᠳᠠ ᠶᠢ ᠳᠠᠷᠤᠵᠤ ᠭᠡᠦᠭᠡᠳ ᠲᠤ ᠤᠤᠭᠤᠯᠭᠠᠵᠤ ᠪᠤᠯᠤᠨ᠎ᠠ᠃ ᠡᠬᠦᠨ ᠠᠴᠠ ᠭᠠᠳᠠᠨ᠎ᠠ ᠬᠤᠯᠤᠤᠪᠠᠩ ᠢ ᠵᠤᠷᠪᠤᠰᠯᠠᠨ ᠭᠡᠷᠴᠢᠭᠡᠳ ᠳᠠᠬᠢᠶᠠᠨ ᠮᠢᠬ᠎ᠠ᠂ ᠭᠠᠭ᠋ᠠᠢ ᠶᠢᠨ ᠮᠢᠬ᠎ᠠ᠂ ᠦᠭᠡᠷ ᠤᠨ ᠮᠢᠬ᠎ᠠ ᠲᠠᠢ ᠬᠠᠭᠤᠷᠤᠭᠠᠳ ᠭᠡᠦᠭᠡᠳ ᠲᠡᠭᠡᠨ ᠢᠳᠡᠭᠦᠯᠵᠦ ᠪᠤᠯᠤᠨ᠎ᠠ᠃ ᠢᠩᠬᠢᠬᠦ ᠨᠢ ᠢᠳᠡᠭᠦ ᠳᠤ ᠠᠮᠳᠠᠳᠠᠢ ᠪᠠᠷ ᠪᠠᠷᠠᠬᠤ ᠦᠭᠡᠢ ᠪᠠᠰᠠ ᠳᠤᠩ ᠶᠡᠭᠡ ᠰᠢᠮ᠎ᠡ ᠳᠡᠵᠢᠭᠡᠯ ᠲᠠᠢ ᠪᠠᠶᠢᠳᠠᠭ᠃      ᠦᠨᠢᠶᠡᠨ ᠰᠦ — ᠦᠨᠢᠶᠡᠨ ᠰᠦ ᠳᠤ ᠶᠠᠰᠤ ᠴᠢᠩᠭᠠᠷᠠᠭᠤᠯᠳᠠᠭ ᠺᠠᠯᠼ ᠡᠯᠪᠡᠭ ᠠᠭᠤᠯᠤᠭᠳᠠᠵᠤ ᠪᠠᠶᠢᠳᠠᠭ ᠪᠦᠭᠡᠳ ᠪᠡᠶ᠎ᠡ ᠦᠰᠴᠤ ᠪᠠᠶᠢᠭ᠎ᠠ ᠭᠡᠦᠭᠡᠳ ᠤᠨ ᠪᠡᠶ᠎ᠡ ᠮᠠᠬᠠᠪᠤᠳ ᠴᠤ ᠦᠨᠢᠶᠠᠨ ᠰᠦ ᠶᠢ ᠠᠮᠠᠷᠬᠠᠨ ᠰᠢᠩᠭᠡᠭᠡᠨ ᠠᠪᠴᠤ ᠴᠢᠳᠠᠳᠠᠭ᠃ ᠦᠨᠢᠶᠡᠨ ᠰᠦ ᠤᠤᠭᠤᠪᠠᠯ ᠯᠠᠪᠳᠠᠢ ᠪᠡᠶ᠎ᠡ ᠦᠰᠦᠨ᠎ᠡ ᠭᠡᠵᠦ ᠭᠡᠯᠡᠬᠦᠶ᠎ᠡ ᠪᠡᠷᠭᠡ ᠪᠤᠯᠪᠠᠴᠤ ᠺᠠᠯᠼ ᠳᠤᠳᠠᠭᠳᠠᠪᠠᠯ ᠪᠡᠶ᠎ᠡ ᠶᠢᠨ ᠦᠰᠦᠯᠳᠡ ᠯᠠᠪᠳᠠᠢ ᠨᠦᠯᠦᠭᠡᠯᠡᠭᠳᠡᠬᠦ ᠳᠤᠯᠠ ᠦᠨᠢᠶᠡᠨ ᠰᠦ ᠢᠯᠡᠬᠦᠦ ᠤᠤᠭᠤᠵᠤ ᠪᠠᠶᠢᠪᠠᠯ ᠰᠠᠶᠢᠨ ᠶᠤᠮ᠃ ᠡᠳᠦᠷ ᠲᠤ ᠭᠤᠷᠪᠠᠨ ᠠᠶᠠᠭ᠎ᠠ ᠦᠨᠢᠶᠡᠨ ᠰᠦ ᠤᠤᠭᠤᠵᠤ ᠪᠠᠶᠢᠪᠠᠯ ᠭᠡᠦᠭᠡᠳ ᠤᠨ ᠪᠡᠶ᠎ᠡ ᠶᠢᠨ ᠦᠰᠦᠯᠳᠡ ᠳᠤ ᠭᠡᠷᠡᠭᠰᠡᠬᠦ ᠺᠠᠯᠼ ᠯᠠᠪᠳᠠᠢ ᠳᠤᠳᠠᠭᠳᠠᠬᠤ ᠦᠭᠡᠢ ᠪᠤᠯᠤᠨ᠎ᠠ᠃      ᠳᠠᠬᠢᠶᠠᠨ ᠦᠨᠳᠡᠭᠡ — ᠳᠠᠬᠢᠶᠠᠨ ᠦᠨᠳᠡᠭᠡ ᠪᠤᠯ ᠠᠮᠠᠷᠬᠠᠨ ᠤᠯᠳᠠᠳᠠᠭ ᠤᠭᠤᠷᠠᠭ ᠶᠡᠭᠡᠳᠡᠢ ᠢᠳᠡᠭᠡᠨ ᠪᠤᠯᠤᠨ᠎ᠠ᠃ ᠦᠨᠳᠡᠭᠡᠨ ᠴᠠᠭᠠᠨ ᠳᠤ ᠨᠡᠩ ᠴᠤ ᠡᠯᠪᠡᠭ ᠳᠡᠯᠪᠡᠭ ᠤᠭᠤᠷᠠᠭ ᠠᠭᠤᠯᠤᠭᠳᠠᠵᠤ ᠪᠠᠶᠢᠳᠠᠭ ᠳᠤᠯᠠ ᠦᠨᠳᠡᠭᠡᠨ ᠴᠠᠭᠠᠨ ᠨᠢ ᠭᠡᠦᠭᠡᠳ ᠤᠨ ᠪᠡᠶ᠎ᠡ ᠶᠢᠨ ᠦᠰᠦᠯᠳᠡ ᠳᠤ ᠳᠤᠩ ᠶᠡᠭᠡ ᠳᠤᠰᠠ ᠲᠠᠢ ᠪᠠᠶᠢᠳᠠᠭ᠃ ᠭᠡᠦᠭᠡᠳ ᠪᠠᠷᠤᠭ ᠪᠦᠷ ᠳᠠᠬᠢᠶᠠᠨ ᠦᠨᠳᠡᠭᠡ ᠢᠳᠡᠬᠦ ᠳᠤᠷᠠᠳᠠᠢ ᠪᠠᠶᠢᠳᠠᠭ ᠴᠤ ᠦᠨᠳᠡᠭᠡᠨ ᠰᠢᠷ᠎ᠠ ᠶᠢᠨ ᠰᠦᠰᠦᠨ ᠤ ᠭᠤᠨᠠᠨ ᠠᠯᠺᠤᠤᠯ ᠨᠢ ᠭᠡᠦᠭᠡᠳ ᠢ ᠭᠡᠮᠳᠦᠭᠡᠴᠢᠭᠡᠪᠡᠯ ᠶᠠᠭᠠᠬᠢᠨ᠎ᠠ ᠭᠡᠵᠦ ᠰᠠᠨᠠᠭᠠᠰᠢᠷᠠᠬᠤ ᠳᠠᠭᠠᠨ ᠵᠠᠷᠢᠮ ᠡᠭᠡᠴᠤᠤᠯ ᠭᠡᠦᠭᠡᠳ ᠲᠡᠭᠡᠨ ᠳᠠᠬᠢᠶᠠᠨ ᠦᠨᠳᠡᠭᠡ ᠢᠳᠡᠬᠦᠯᠬᠦ ᠳᠤᠷ᠎ᠠ ᠦᠭᠡᠢ ᠪᠠᠶᠢᠳᠠᠭ᠃ ᠭᠡᠪᠡᠴᠤ ᠪᠡᠶ᠎ᠡ ᠦᠰᠴᠤ ᠪᠠᠶᠢᠭ᠎ᠠ ᠭᠡᠦᠭᠡᠳ ᠢ ᠰᠦᠰᠦᠨ ᠤ ᠭᠤᠨᠠᠨ ᠠᠯᠺᠤᠤᠯ ᠨᠦᠯᠦᠭᠡᠯᠡᠵᠦ ᠴᠢᠳᠠᠰᠢ ᠦᠭᠡᠢ ᠶᠤᠮ᠃ ᠭᠡᠦᠭᠡᠳ ᠲᠤ ᠡᠳᠦᠷ ᠲᠤ ᠨᠢᠭᠡ ᠦᠨᠳᠡᠭᠡ ᠢᠳᠡᠭᠦᠯᠬᠦ ᠪᠤᠶᠤ ᠬᠤᠶᠠᠷ ᠡᠳᠦᠷ ᠲᠤ ᠨᠢᠭᠡ ᠦᠨᠳᠡᠭᠡ ᠢᠳᠡᠬᠦᠯᠵᠤ ᠪᠠᠶᠢᠪᠠᠯ ᠰᠠᠶᠢᠨ ᠪᠢᠯᠡ᠃      ᠬᠠᠷ᠎ᠠ ᠪᠤᠷᠴᠠᠭ — ᠪᠤᠷᠴᠠᠭ ᠪᠤᠯ ᠤᠭᠤᠷᠠᠭ ᠶᠡᠭᠡᠳᠡᠢ ᠢᠳᠡᠭᠡᠨ ᠪᠤᠯᠤᠨ᠎ᠠ᠃ ᠬᠠᠷ᠎ᠠ ᠪᠤᠷᠴᠠᠭ ᠲᠤ ᠤᠭᠤᠷᠠᠭ ᠨᠡᠩ ᠡᠯᠪᠡᠭ ᠠᠭᠤᠯᠤᠭᠳᠠᠵᠤ ᠪᠠᠶᠢᠳᠠᠭ᠃ ᠭᠡᠦᠭᠡᠳ ᠤᠨ ᠪᠡᠶ᠎ᠡ ᠶᠢᠨ ᠦᠰᠦᠯᠳᠡ ᠳᠤ ᠬᠠᠷ᠎ᠠ ᠪᠤᠷᠴᠠᠭ ᠳᠤᠩ ᠳᠤᠰᠠᠳᠠᠢ ᠪᠠᠶᠢᠳᠠᠭ ᠳᠤᠯᠠ ᠬᠠᠷ᠎ᠠ ᠪᠤᠷᠴᠠᠭ ᠢ ᠪᠤᠳᠠᠭᠠᠨ ᠳᠠᠭᠠᠨ ᠬᠢᠵᠦ ᠴᠢᠨᠠᠵᠤ ᠢᠳᠡᠭᠦ ᠪᠤᠶᠤ ᠪᠤᠷᠴᠠᠭ ᠤᠨ ᠵᠤᠳᠠᠩ ᠪᠤᠯᠭᠠᠨ ᠡᠳ᠋ᠰᠢᠬᠦᠯᠦᠭᠡᠳ ᠤᠤᠭᠤᠵᠤ ᠪᠤᠯᠤᠨ᠎ᠠ᠃    
ᠢᠷᠡᠯᠲᠡ᠄ ᠲᠣᠲᠣᠷᠬᠠᠢ ᠦᠭᠡᠢ