ᠤᠷᠠᠳᠴᠤᠳ ᠤᠨ ᠣᠷᠣᠨ ᠰᠠᠭᠤᠴᠠ
ᠨᠡᠶᠢᠲᠡᠯᠡᠭᠰᠡᠨ ᠴᠠᠭ᠄
2022/10/27
      ᠤᠷᠠᠳ ᠮᠣᠩᠭᠤᠯᠴᠤᠳ ᠡᠷᠲᠡᠨ ᠠᠴᠠ ᠪᠠᠨ ᠮᠠᠯ ᠮᠡᠯᠵᠢᠵᠦ ᠠᠮᠢᠳᠤᠷᠠᠵᠤ ᠪᠠᠶᠢᠭᠰᠠᠨ ᠲᠤᠯᠠ ᠦᠢᠯᠡᠳᠪᠦᠷᠢᠯᠡᠯ ᠤᠨ ᠨᠥᠬᠦᠴᠡᠯ ᠠᠴᠠ ᠪᠠᠨ ᠪᠣᠯᠵᠤ ᠨᠡᠭᠦᠵᠦ ᠪᠠᠭᠤᠬᠤ ᠳᠤ ᠬᠢᠯᠪᠠᠷ ᠳᠥᠭᠦᠮ ᠮᠣᠩᠭᠤᠯ ᠭᠡᠷ ᠲᠤ ᠰᠠᠭᠤᠵᠤ ᠪᠠᠶᠢᠵᠠᠢ᠃      ᠮᠣᠩᠭᠤᠯ ᠭᠡᠷ ᠢ ᠶᠡᠭᠡ ᠡᠷᠲᠡᠨ ᠳᠡᠭᠡᠨ ᠪᠥᠷᠭᠡ ᠭᠡᠷ ᠭᠡᠵᠦ ᠨᠡᠷᠡᠯᠡᠵᠦ ᠪᠠᠶᠢᠭᠰᠠᠨ ᠪᠠ ᠪᠥᠷᠭᠡ ᠭᠡᠷ ᠢ ᠣᠷᠭᠤᠭ᠎ᠠ ᠮᠣᠳᠣ ᠪᠠᠷ ᠭᠤᠣᠯ ᠪᠠᠭᠠᠨ᠎ᠠ ᠪᠤᠯᠭᠠᠵᠤ᠂ ᠤᠯᠠᠯᠵᠢᠨ ᠡᠪᠡᠰᠦ ᠪᠠᠷ ᠲᠣᠭᠤᠷᠢᠭᠤᠯᠤᠨ ᠪᠦᠷᠬᠦᠵᠦ ᠬᠢᠳᠡᠭ ᠪᠠᠶᠢᠪᠠ ᠃      ᠴᠢᠯᠦᠭᠡᠯᠡᠭᠳᠡᠬᠦ ᠠᠴᠠ ᠡᠮᠦᠨ᠎ᠡ ᠤᠷᠠᠳᠴᠤᠳ ᠤᠨ ᠣᠷᠣᠨ ᠰᠠᠭᠤᠴᠠ ᠶᠢ ᠲᠡᠳᠡᠨ ᠤ ᠠᠵᠢᠯ᠂ ᠲᠥᠷᠥᠯ ᠪᠣᠯᠣᠨ ᠪᠠᠶᠠᠨ ᠶᠠᠳᠠᠭᠤ ᠶᠢᠨ ᠵᠥᠷᠢᠶ᠎ᠡ ᠪᠠᠷ ᠶᠡᠷᠦᠩᠬᠡᠢ ᠳᠡᠭᠡᠨ ᠳᠥᠷᠪᠡᠨ ᠵᠦᠢᠯ ᠬᠤᠪᠢᠶᠠᠵᠤ ᠪᠠᠶᠢᠯ᠎ᠠ᠃ ᠡᠭᠦᠨ ᠳᠤ᠂ ᠰᠦᠮ᠎ᠡ ᠬᠡᠶᠢᠳ᠂ ᠬᠤᠰᠢᠭᠤ ᠶᠠᠮᠤᠨ ᠤ ᠣᠷᠳᠣᠨ᠂ ᠸᠠᠩ ᠭᠦᠩ ᠪᠠᠶᠠᠨ ᠨᠣᠶᠠᠳ ᠤᠨ ᠰᠠᠭᠤᠳᠠᠭ ᠭᠠᠵᠠᠷ ᠨᠢ ᠪᠦᠷ ᠠᠭᠤᠯᠠ ᠤᠰᠤ ᠲᠠᠢ ᠦᠵᠡᠮᠵᠢ ᠰᠠᠶᠢᠲᠠᠢ ᠭᠠᠵᠠᠷ ᠢ ᠰᠣᠩᠭᠤᠵᠤ᠂ ᠸᠠᠭᠠᠷ ᠲᠣᠭᠤᠰᠭ᠋᠎ᠠ᠂ ᠮᠣᠳᠣ ᠴᠢᠯᠠᠭᠤ ᠪᠠᠷ ᠪᠠᠶᠢᠰᠢᠩ ᠪᠠᠷᠢᠯᠭ᠎ᠠ ᠪᠠᠶᠢᠭᠤᠯᠵᠤ ᠪᠠᠶᠢᠵᠠᠢ᠃ ᠮᠣᠩᠭᠤᠯ ᠭᠡᠷ ᠢ ᠴᠦ ᠭᠡᠰᠡᠨ ᠭᠡᠳᠦ ᠭᠡᠳᠦ ᠪᠠᠷ ᠨᠢ ᠵᠢᠭᠳᠡᠷᠡᠭᠦᠯᠦᠨ᠂ ᠲᠣᠩ ᠴᠠᠭᠠᠨ ᠪᠦᠷᠢᠶᠡᠰᠦ ᠲᠠᠢ᠂ ᠬᠥᠯᠲᠥᠷᠭᠡ ᠴᠢᠮᠡᠭ ᠲᠠᠢ ᠬᠡᠭᠡᠨᠴᠢᠷ ᠭᠤᠸ᠎ᠠ ᠪᠠᠷᠢᠵᠤ ᠪᠠᠶᠢᠵᠠᠢ᠃ ᠲᠡᠳᠡᠭᠡᠷ ᠪᠠᠶᠢᠰᠢᠩ ᠤᠨ ᠭᠡᠯᠪᠡᠷᠢ ᠮᠠᠶ᠋ᠢᠭ ᠨᠢ ᠴᠢᠩ ᠤᠯᠤᠰ ᠤᠨ ᠦᠶ᠎ᠡ ᠶᠢᠨ ᠣᠷᠳᠣ ᠬᠠᠷᠰᠢ ᠲᠠᠢ ᠲᠥᠰᠥᠭᠡ ᠲᠠᠢ ᠰᠦᠷᠯᠢᠭ ᠰᠠᠶᠢᠬᠠᠨ ᠪᠠᠶᠢᠪᠠ᠃ ᠭᠡᠬᠦ ᠳᠤ ᠰᠦᠮ᠎ᠡ ᠬᠡᠶᠢᠢᠳ ᠪᠠ ᠬᠤᠰᠢᠭᠤ ᠶᠠᠮᠤᠨ ᠤ ᠰᠠᠭᠤᠬᠤ ᠣᠷᠣᠨ ᠰᠠᠭᠤᠴᠠ ᠪᠣᠯ ᠴᠥᠭᠡᠨ ᠲᠣᠭᠠᠨ ᠤ ᠤᠨᠴᠠᠭᠠᠢ ᠳᠠᠪᠬᠤᠷᠭᠠᠲᠠᠨ ᠤ ᠰᠠᠭᠤᠬᠤ ᠭᠠᠵᠠᠷ ᠪᠣᠯᠬᠤᠷ ᠡᠩ ᠤᠨ ᠠᠷᠠᠳ ᠤᠨ ᠣᠷᠣᠨ ᠰᠠᠭᠤᠴᠠ ᠶᠢ ᠲᠦᠯᠦᠭᠡᠯᠡᠵᠦ ᠴᠢᠳᠠᠬᠤ ᠦᠭᠡᠢ ᠪᠢᠯᠡ᠃     ᠤᠷᠠᠳᠴᠤᠳ ᠤᠨ ᠰᠠᠭᠤᠳᠠᠭ ᠮᠣᠩᠭᠤᠯ ᠭᠡᠷ ᠪᠣᠯ ᠮᠣᠳᠣ ᠪᠣᠯᠣᠨ ᠢᠰᠡᠭᠡᠢ ᠪᠠᠷ ᠭᠤᠣᠯ ᠮᠠᠲ᠋ᠧᠷᠢᠶᠠᠯ ᠪᠣᠯᠭᠠᠨ ᠵᠣᠬᠢᠶᠠᠭᠳᠠᠭᠰᠠᠨ ᠪᠥᠭᠡᠷᠡᠩᠬᠡᠢ ᠭᠡᠯᠪᠡᠷᠢ ᠲᠠᠢ ᠱᠤᠪᠤᠭᠤᠷ ᠣᠷᠣᠢ ᠲᠠᠢ᠂ ᠨᠢᠭᠡ ᠪᠤᠶᠤ ᠬᠤᠶᠠᠷ ᠳᠠᠪᠬᠤᠷ ᠢᠰᠡᠭᠡᠢ ᠪᠦᠷᠢᠶᠡᠰᠦ ᠲᠠᠢ ᠪᠠᠶᠢᠳᠠᠭ ᠪᠥᠭᠡᠳ ᠮᠣᠩᠭᠤᠯ ᠭᠡᠷ ᠤᠨ ᠬᠠᠨ᠎ᠠ᠂ ᠣᠨᠢ᠂ ᠬᠠᠭᠠᠯᠭ᠎ᠠ᠂ ᠲᠣᠭᠤᠨᠣ ᠂ ᠡᠯᠪᠡᠭᠡᠰᠢ᠂ ᠲᠣᠭᠤᠷᠭ᠎ᠠ᠂ ᠡᠷᠦᠭᠡ ᠵᠡᠷᠭᠡ ᠵᠦᠢᠯ ᠤᠳ ᠨᠢ ᠬᠤᠭᠤᠷᠣᠨᠳᠤ ᠪᠠᠨ ᠰᠡᠯᠦᠩᠬᠢᠲᠡ ᠬᠢᠭᠰᠡᠨ ᠤᠴᠢᠷ ᠠᠴᠠ ᠲᠡᠳᠡᠨ ᠤ ᠣᠳᠣᠷ ᠨᠡᠭᠦᠳᠡᠯ ᠬᠢᠵᠦ ᠮᠠᠯ ᠮᠠᠯᠵᠢᠬᠤ ᠳᠤ ᠲᠣᠩ ᠲᠣᠬᠢᠷᠠᠭᠰᠠᠨ ᠰᠠᠭᠤᠴᠠ ᠪᠣᠯᠣᠨ᠎ᠠ᠃ᠮᠣᠩᠭᠤᠯ ᠭᠡᠷ ᠤᠨ ᠪᠦᠲᠥᠴᠡ ᠳᠤ ᠮᠠᠰᠢ ᠣᠯᠠᠨ ᠰᠢᠨᠵᠢᠯᠡᠭᠦᠢ ᠤᠬᠠᠭᠠᠨ ᠤ ᠶᠣᠰᠣ ᠤᠴᠢᠷ ᠪᠠᠶᠢᠬᠤ ᠪᠥᠭᠡᠳ ᠣᠮᠠᠷᠠᠲᠣ ᠣᠷᠣᠨ ᠪ᠊ ᠠᠭᠤᠷ ᠠᠮᠢᠰᠬᠤᠯ ᠳᠤ ᠲᠣᠬᠢᠷᠠᠵᠣ᠂ ᠵᠤᠨ ᠤ ᠴᠠᠭ ᠲᠤ ᠰᠡᠷᠢᠭᠦᠭᠡᠨ᠂  ᠡᠪᠦᠯ ᠴᠠᠭ ᠲᠤ ᠳᠤᠯᠠᠭᠠᠨ ᠪᠠᠶᠢᠳᠠᠭ᠃ ᠬᠡᠢ ᠠᠭᠠᠷ ᠨᠡᠪᠲᠡᠷᠡᠬᠦ ᠨᠢ ᠰᠠᠶᠢᠨ᠃ ᠨᠡᠭᠦᠵᠦ ᠪᠠᠭᠤᠬᠤ ᠳᠤ ᠳᠥᠭᠦᠮ ᠠᠪᠰᠠᠷᠬᠠᠨ᠂ ᠪᠠᠷᠢᠵᠤ ᠪᠠᠶᠢᠭᠤᠯᠬᠤ ᠳᠤ ᠭᠢᠯᠪᠠᠷ ᠮᠥᠷᠲᠡᠭᠡᠨ ᠬᠤᠷᠳᠤᠨ᠂ ᠪᠠᠰᠠ ᠰᠠᠯᠬᠢ ᠰᠢᠭᠤᠷᠭᠠᠨ ᠤ ᠦᠯᠢᠶᠡᠬᠦ ᠬᠦᠴᠦᠨ ᠨᠢ ᠪᠠᠭ᠎ᠠ ᠪᠣᠯᠬᠤᠷ ᠴᠠᠰᠤ ᠬᠤᠷᠠᠬᠤ ᠦᠭᠡᠢ ᠪᠥᠭᠡᠳ ᠣᠷᠣᠢ ᠶᠢᠨ ᠬᠡᠰᠡᠭ ᠨᠢ ᠨᠠᠯᠠᠤ᠂ ᠪᠣᠷᠣᠭᠠᠨ ᠤ ᠤᠰᠤ ᠣᠷᠣᠢ ᠳᠡᠭᠡᠷ᠎ᠡ ᠨᠢ ᠲᠣᠭᠲᠠᠬᠤ ᠦᠭᠡᠢ᠂ ᠡᠭᠦᠳᠡ ᠨᠢ ᠪᠠᠭ᠎ᠠ ᠪᠥᠭᠡᠳ ᠭᠠᠵᠠᠷ ᠲᠠᠢ ᠵᠠᠯᠭᠠᠯᠳᠤᠵᠤ ᠪᠠᠶᠢᠳᠠᠭ ᠪᠣᠯᠬᠤᠷ ᠬᠦᠢᠲᠡᠨ ᠠᠭᠤᠷ ᠠᠮᠢᠰᠬᠤᠯ ᠭᠢᠯᠪᠠᠷᠬᠠᠨ ᠣᠷᠣᠳᠠᠭ ᠦᠭᠡᠢ᠃     ᠭᠡᠷ ᠤᠨ ᠬᠠᠨ᠎ᠠ ᠨᠢ ᠠᠳᠠᠯᠢ ᠵᠢᠭᠳᠡ ᠨᠠᠷᠢᠨ ᠮᠣᠳᠣ ᠨᠤᠭᠤᠳ ᠢᠶᠠᠷ ᠬᠢᠭᠰᠡᠨ ᠪᠥᠭᠡᠳ ᠬᠤᠭᠤᠷᠣᠨᠳᠤ ᠨᠢ ᠦᠳᠡᠭᠡᠷᠢ ᠪᠠᠷ ᠦᠳᠡᠵᠦ ᠬᠡᠯᠭᠢᠭᠰᠡᠨ ( ᠬᠤᠯᠪᠤᠭᠰᠠᠨ ︶ ᠲᠤᠯᠠ ᠬᠡᠷᠡᠭᠯᠡᠬᠦ ᠦᠶ᠎ᠡ ᠳᠡᠭᠡᠨ ᠪᠣᠰᠬᠠᠵᠤ ᠳᠡᠯᠭᠡᠭᠡᠳ᠂ ᠬᠡᠷᠡᠭᠯᠡᠬᠦ ᠦᠭᠡᠢ ᠴᠠᠭ ᠲᠠᠭᠠᠨ ᠪᠠᠭᠤᠯᠭᠠᠭᠠᠳ ᠡᠪᠭᠡᠵᠦ ᠪᠤᠯᠬᠤ ᠤᠴᠢᠷ ᠠᠴᠠ ᠨᠡᠭᠦᠯᠭᠡᠵᠦ ᠪᠠᠷᠢᠬᠤ ᠳᠤ ᠲᠤᠶᠢᠯ ᠤᠨ ᠳᠥᠭᠦᠮ ᠠᠮᠠᠷ ᠪᠠᠶᠢᠳᠠᠭ᠃     ᠮᠣᠨ᠋ᠨ ᠠᠭᠤᠯᠠ ᠪᠣᠯ ᠴᠢᠨᠠᠷ ᠰᠠᠶᠢᠲᠠᠢ ᠣᠢ ᠮᠣᠳᠣ ᠲᠠᠢ᠂ ᠡᠯᠪᠡᠭ ᠪᠠᠶᠠᠯᠢᠭ ᠡᠪᠡᠰᠦ ᠤᠷᠭᠤᠮᠠᠯ ᠪᠠ ᠠᠷᠢᠶᠠᠲᠠᠨ ᠠᠮᠢᠲᠠᠨ ᠲᠠᠢ ᠭᠡᠵᠦ ᠠᠯᠳᠠᠷᠰᠢᠭᠰᠠᠨ ᠲᠣᠮᠣ ᠠᠭᠤᠯᠠ ᠶᠤᠮ᠃ ᠲᠡᠶᠢᠮᠦ ᠠᠴᠠ ᠤᠷᠳᠴᠤᠳ ᠥᠩᠭᠡᠷᠡᠭᠰᠡᠨ ᠳᠤ ᠮᠣᠩᠭᠤᠯ ᠭᠡᠷ ᠤᠨ ᠶᠠᠰᠤ ( ᠮᠣᠳᠣ ᠲᠣᠨᠣᠭᠬᠯᠠᠯ︶ ᠶᠢ ᠪᠦᠷ ᠮᠣᠨ᠋ᠨ ᠠᠭᠤᠯᠠ ᠶᠢᠨ ᠮᠣᠳᠣᠨ ᠲᠠᠷᠬᠠᠨ ᠤ ᠬᠢᠭᠰᠡᠨ ᠭᠡᠷ ᠤᠨ ᠮᠣᠳᠣ ᠶᠢ ᠥᠷᠭᠡᠨ ᠬᠡᠷᠡᠭᠯᠡᠵᠦ ᠪᠠᠶᠢᠵᠠᠢ᠃  
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ