ᠡᠷᠡᠭᠦᠯ ᠢᠳᠡᠭᠡᠨ ᠤᠮᠳᠠᠭᠠᠨ ᠡᠳ᠋ᠯᠡᠬᠦ ᠶᠢ ᠠᠩᠬᠠᠷᠤᠭᠰᠠᠨ ᠰᠠᠭᠤᠷᠢᠨ ᠳᠡᠭᠡᠷ᠎ᠡ ᠰᠢᠩᠭᠡᠭᠡᠨ ᠠᠪᠬᠤ ᠢᠯᠴᠢ ᠶᠢᠨ ᠬᠡᠮᠵᠢᠶ᠎ᠠ ᠪᠠᠨ ᠳᠤᠬᠢᠳᠠᠢ ᠡᠵᠡᠮᠳᠡᠵᠦ ᠳᠡᠶᠢᠯᠬᠦ | ᠪᠤᠯ ᠵᠢᠷᠦᠬᠡ ᠪᠠᠨ ᠬᠠᠮᠠᠭᠠᠯᠠᠬᠤ ᠰᠠᠶᠢᠨ ᠠᠷᠭ᠎ᠠ ᠪᠤᠯᠤᠨ᠎ᠠ᠃ ᠠᠮᠧᠷᠢᠺᠠ ᠶᠢᠨ ᠵᠢᠷᠦᠭᠡᠨ ᠤ ᠨᠡᠶᠢᠭᠡᠮᠯᠢᠭ ᠤᠨ ᠬᠢᠨ ᠡᠳᠦᠷ ᠳᠤᠳᠤᠮ ᠤᠨ ᠬᠦᠨᠡᠰᠦᠨ ᠳᠡᠭᠡᠨ ᠢᠳᠡᠰᠢᠨ | ᠨᠤᠭᠤᠭ᠎ᠠ᠂ ᠵᠢᠮᠢᠰ᠂ ᠨᠠᠷᠢᠮᠤ ᠶᠢᠨ ᠳᠦᠷᠦᠯ ᠤᠨ ᠢᠳᠡᠭᠡᠨ᠂ ᠦᠭᠡᠬᠦ ᠶᠢᠨ ᠠᠭᠤᠯᠤᠭᠳᠠᠴᠠ ᠪᠠᠷ ᠪᠠᠭ᠎ᠠ ᠴᠠᠭᠠᠨ ᠢᠳᠡᠭᠡᠨ᠂ ᠳᠡᠵᠢᠭᠡᠪᠦᠷᠢ ᠵᠢᠭᠦᠷᠳᠡᠨ ᠤ ᠮᠢᠬ᠎ᠠ | ᠦᠨᠳᠡᠭᠡ᠂ ᠵᠢᠭᠠᠰᠤᠨ ᠮᠢᠬ᠎ᠠ᠂ ᠰᠠᠮᠤᠷ ᠢᠯᠡᠭᠦᠦ ᠢᠳᠡᠬᠦ ᠶᠢ ᠰᠠᠨᠠᠭᠤᠯᠤᠭᠰᠠᠭᠠᠷ ᠢᠷᠡᠵᠡᠢ᠃ ᠳᠤᠤᠷ᠎ᠠ ᠪᠢᠳᠠ ᠠᠮᠧᠷᠢᠺᠠ ᠶᠢᠨ ᠵᠢᠷᠦᠭᠡᠨ ᠤ ᠨᠡᠶᠢᠭᠡᠮᠯᠢᠭ ᠤᠨ | ᠰᠠᠨᠠᠭᠤᠯᠭ᠎ᠠ ᠳᠤ ᠰᠠᠭᠤᠷᠢᠯᠠᠨ 10 ᠵᠦᠢᠯ ᠤᠨ ᠵᠢᠷᠦᠭᠡᠨ ᠳᠤ ᠳᠤᠰᠠᠳᠠᠢ ᠢᠳᠡᠭᠡᠨ ᠢ ᠳᠠᠨᠢᠯᠴᠠᠭᠤᠯᠤᠶ᠎ᠠ᠃ ᠤᠯᠠᠭᠠᠨ ᠠᠯᠮᠤᠷᠠᠳ ᠤᠯᠠᠭᠠᠨ ᠠᠯᠮᠤᠷᠠᠳ ᠲᠤ ᠭᠤᠮ ᠤᠨ | ᠰᠢᠷ᠎ᠠ ᠡᠳ᠋ ᠭᠡᠳᠡᠭ ᠨᠢᠭᠡ ᠵᠦᠢᠯ ᠤᠨ ᠤᠷᠭᠤᠮᠠᠯ ᠤᠨ ᠬᠢᠮᠢ ᠶᠢᠨ ᠡᠯᠧᠮᠧᠨ᠋ᠲ ᠠᠭᠤᠯᠳᠠᠭ᠂ ᠲᠡᠷᠡ ᠨᠢ ᠪᠠᠶᠢᠭᠠᠯᠢ ᠶᠢᠨ ᠦᠷᠪᠢᠰᠦᠯ ᠢ ᠡᠰᠡᠷᠭᠦᠴᠡᠬᠦ ᠦᠢᠯᠡᠳᠦᠯ ᠲᠠᠢ | ᠪᠠᠶᠢᠳᠠᠭ ᠪᠦᠭᠡᠳ ᠴᠢᠰᠦ ᠪᠦᠭᠡᠮᠨᠡᠷᠡᠬᠦ ᠶᠢ ᠴᠤ ᠰᠡᠷᠭᠡᠶᠢᠯᠡᠬᠦ ᠦᠢᠯᠡᠳᠦᠯ ᠲᠠᠢ ᠪᠠᠶᠢᠵᠤ ᠮᠡᠳᠡᠨ᠎ᠠ᠃ ᠠᠯᠮᠤᠷᠠᠳ ᠲᠤ ᠶᠡᠷᠦᠨᠢ ᠸᠢᠲ᠋ᠠᠮᠢᠨ ᠪᠠ ᠰᠢᠷᠭᠡᠭᠯᠢᠭ ᠡᠯᠪᠡᠭ | ᠠᠭᠤᠯᠳᠠᠭ᠃ ᠠᠯᠮᠤᠷᠠᠳ ᠢ ᠬᠤᠰᠢᠭ᠎ᠠ ᠪᠤᠶᠤ ᠬᠦᠢᠯᠡᠰᠦᠨ ᠴᠦᠮ᠎ᠠ ᠲᠠᠢ ᠬᠤᠯᠢᠵᠤ ᠢᠳᠡᠪᠡᠯ ᠦᠢᠯᠡᠳᠦᠯ ᠨᠢ ᠨᠡᠩ ᠰᠠᠶᠢᠨ ᠪᠠᠶᠢᠳᠠᠭ᠂ ᠶᠠᠷᠢᠶᠠᠨ ᠦᠭᠡᠢ ᠵᠢᠵᠢᠭᠯᠡᠵᠦ | ᠭᠡᠷᠴᠢᠭᠡᠳ ᠰᠠᠯᠠᠳ᠋ ᠬᠢᠵᠦ ᠢᠳᠡᠭᠰᠡᠨ ᠴᠤ ᠪᠤᠯᠤᠨ᠎ᠠ᠃ | ᠳᠠᠪᠬ᠎ᠠ ᠵᠢᠭᠠᠰᠤ ᠳᠠᠪᠬ᠎ᠠ ᠵᠢᠭᠠᠰᠤ ᠳᠤ ᠦᠭᠡᠭᠦᠨ ᠬᠦᠴᠢᠯ ᠡᠯᠪᠡᠭ ᠠᠭᠤᠯᠤᠬᠳᠠᠳᠠᠭ᠂ ᠳᠡᠭᠡᠭᠡᠳ ᠭᠤᠤᠯᠳᠠᠭᠤ ᠦᠷᠪᠢᠰᠦᠯ ᠡᠭᠦᠰᠬᠦ ᠪᠠ ᠴᠢᠰᠦ | ᠪᠦᠭᠡᠮᠨᠡᠷᠡᠬᠦ ᠠᠶᠤᠯ ᠢ ᠪᠠᠭᠠᠰᠬᠠᠵᠤ ᠵᠢᠷᠦᠬᠡ ᠶᠢ ᠬᠠᠮᠠᠭᠠᠯᠠᠳᠠᠭ᠃ ᠦᠭᠡᠬᠦᠨ ᠬᠦᠴᠢᠯ ᠨᠢ ᠪᠠᠰᠠ ᠡᠷᠡᠭᠦᠯ ᠰᠦᠰᠦᠨ ᠤ ᠴᠢᠯᠠᠭᠤᠯᠢᠬ ᠠᠯᠺᠤᠤᠯ ᠤᠨ ᠴᠢᠨᠠᠷ ᠢ | ᠪᠠᠳᠤᠯᠠᠳᠠᠭ᠃ ᠭᠠᠷᠠᠭ ᠲᠤ ᠶᠠᠳᠠᠬᠤ ᠳᠠᠭᠠᠨ ᠬᠤᠶᠠᠷ ᠤᠳᠠᠭ᠎ᠠ ᠳᠠᠪᠬ᠎ᠠ ᠵᠢᠭᠠᠰᠤ ᠪᠤᠶᠤ ᠰᠠᠷᠳᠢᠨ ᠵᠢᠭᠠᠰᠤ᠂ ᠰᠠᠷᠢᠶ᠎ᠠ ᠵᠢᠭᠠᠰᠤ ᠮᠡᠳᠦ ᠶᠢᠨ ᠭᠦᠨ ᠳᠠᠯᠠᠢ ᠶᠢᠨ ᠵᠢᠭᠠᠰᠤ | ᠢᠳᠡᠪᠡᠯ ᠰᠠᠶᠢᠨ᠃ ᠵᠢᠷᠦᠭᠡ ᠶᠢ ᠬᠠᠮᠠᠭᠠᠯᠠᠬᠤ ᠭᠤᠤᠯ ᠢᠳᠡᠭᠡᠨ ᠤ ᠬᠤᠪᠢ ᠳᠤ᠂ ᠳᠠᠪᠬ᠎ᠠ ᠵᠢᠭᠠᠰᠣ ᠶᠢ ᠰᠢᠷᠠᠵᠤ ᠢᠳᠡᠵᠦ ᠪᠤᠯᠤᠨ᠎ᠠ᠃ ᠶᠠᠷᠢᠶᠠᠨ ᠦᠭᠡᠢ ᠢᠳᠡᠰᠢᠨ | ᠨᠤᠭᠤᠭ᠎ᠠ ᠪᠠᠷ ᠬᠠᠪᠰᠤᠷᠭᠠᠬᠤ ᠴᠢᠬᠤᠯᠠᠳᠠᠢ᠂ ᠪᠠᠭ᠎ᠠ ᠰᠠᠭ᠎ᠠ ᠰᠠᠯᠠᠳ᠋ ᠨᠡᠮᠡᠭᠰᠡᠨ ᠴᠤ ᠪᠤᠯᠤᠨ᠎ᠠ᠂ ᠭᠡᠬᠦ ᠳᠡᠭᠡᠨ ᠰᠠᠯᠠᠳ᠋ ᠲᠠᠭᠠᠨ ᠪᠠᠭ᠎ᠠ ᠰᠠᠭ᠎ᠠ ᠨᠢᠮᠪᠡᠭᠡ ᠶᠢᠨ ᠰᠢᠭᠦᠰᠦ | ᠨᠡᠮᠡᠪᠡᠯ ᠢᠯᠴᠢ ᠶᠢᠨ ᠬᠡᠮᠵᠢᠶ᠎ᠡ ᠶᠢ ᠪᠠᠭᠤᠷᠠᠭᠤᠯᠬᠤ ᠦᠢᠯᠡᠳᠦᠯ ᠲᠠᠢ ᠪᠠᠶᠢᠳᠠᠭ᠃ | ᠬᠤᠰᠢᠭ᠎ᠠ ᠬᠤᠰᠢᠭ᠎ᠠ ᠳᠤ ᠳᠠᠩ ᠡᠰᠢᠳᠦ ᠳᠤᠳᠠᠭᠤ ᠦᠭᠡᠬᠦᠨ ᠬᠦᠴᠢᠯ᠂ ᠸᠢᠲ᠋ᠠᠮᠢᠨ E ᠪᠠ ᠪᠤᠰᠤᠳ ᠡᠷᠡᠭᠦᠯ ᠰᠦᠰᠦᠨ ᠤ ᠴᠢᠯᠠᠭᠤᠯᠢᠬ ᠠᠯᠺᠤᠤᠯ ᠤᠨ | ᠴᠢᠨᠠᠷ ᠢ ᠪᠠᠳᠤᠯᠠᠬᠤ ᠪᠠᠶᠢᠭᠠᠯᠢ ᠶᠢᠨ ᠪᠤᠳᠠᠰ ᠢ ᠠᠭᠤᠯᠳᠠᠭ᠃ ᠬᠤᠰᠢᠭ᠎ᠠ ᠶᠢᠨ ᠪᠠᠰᠠ ᠨᠢᠭᠡ ᠳᠠᠪᠠᠭᠤᠯᠢᠬ ᠳᠠᠯ᠎ᠠ ᠨᠢ ᠴᠢᠨᠠᠷ ᠰᠠᠶᠢᠳᠠᠢ ᠦᠭᠡᠬᠦᠨ ᠬᠦᠴᠢᠯ ᠤᠨ ᠭᠤᠤᠯ | ᠢᠷᠡᠯᠳᠡ ᠪᠤᠯᠬᠤ ᠢᠳᠡᠭᠡᠨ ᠪᠠᠶᠢᠭ᠎ᠠ ᠳᠤ ᠤᠷᠤᠰᠢᠨ᠎ᠠ᠃ ᠠᠯᠮᠤᠷᠠᠳ᠂ ᠬᠤᠰᠢᠭ᠎ᠠ ᠶᠢ ᠬᠠᠪᠰᠤᠷᠭᠠᠬᠤ ᠪᠤᠯ ᠵᠢᠷᠦᠭᠡ ᠶᠢ ᠬᠠᠮᠠᠭᠠᠯᠠᠬᠤ ᠳᠤᠩ ᠰᠠᠶᠢᠨ ᠢᠳᠡᠭᠡᠨ | ᠪᠤᠯᠤᠨ᠎ᠠ᠂ ᠡᠷᠳᠡ ᠶᠢᠨ ᠬᠤᠭᠤᠯᠠᠨ ᠳᠠᠭᠠᠨ ᠢᠳᠡᠪᠡᠯ ᠨᠤᠬᠠᠢ ᠶᠢᠨ ᠬᠤᠰᠢᠭᠤ ᠳᠠᠭᠠᠨ ᠬᠤᠯᠢᠴᠠ ᠪᠤᠯᠭᠠᠵᠤ ᠪᠤᠯᠤᠨ᠎ᠠ᠃ ᠳᠡᠭᠡᠷ᠎ᠡ ᠨᠢ ᠪᠠᠭ᠎ᠠ ᠰᠠᠭ᠎ᠠ ᠵᠦᠭᠡᠢ ᠶᠢᠨ ᠪᠡᠯ | ᠨᠡᠮᠡᠭᠰᠡᠨ ᠴᠤ ᠶᠠᠭᠠᠬᠢᠬᠤᠪ᠃ | ᠰᠦᠳᠠᠢ ᠵᠢᠮᠢᠰ ᠰᠦᠳᠠᠢ ᠵᠢᠮᠢᠰ ᠲᠤ ᠳᠠᠩ ᠡᠰᠢᠳᠦ ᠳᠤᠳᠠᠭᠤ ᠦᠭᠡᠬᠦᠨ ᠬᠦᠴᠢᠯ ᠡᠯᠪᠡᠭ ᠠᠭᠤᠯᠳᠠᠭ᠂ ᠪᠠᠰᠠ ᠰᠦᠳᠠᠢ ᠵᠢᠮᠢᠰ ᠲᠤ ᠸᠢᠲ᠋ᠠᠮᠢᠨ ᠪᠠ | ᠤᠷᠭᠤᠮᠠᠯ ᠤᠨ ᠡᠳ᠋ ᠡᠯᠪᠡᠭ ᠠᠭᠤᠯᠳᠠᠭ ᠪᠤᠯᠬᠤᠷ ᠦᠯᠦ ᠢᠰᠦᠯᠳᠦᠬᠦᠯᠬᠦ ᠦᠢᠯᠡᠳᠦᠯ ᠭᠠᠷᠭᠠᠵᠤ ᠵᠢᠷᠦᠭᠡ ᠶᠢ ᠬᠠᠮᠠᠭᠠᠯᠠᠳᠠᠭ᠃ | ᠲᠦᠪᠡᠳ ᠬᠠᠰᠢ ᠳᠦᠪᠡᠳ ᠬᠠᠰᠢ ᠳᠤ ᠸᠢᠲ᠋ᠠᠮᠢᠨ ᠡᠯᠪᠡᠭ ᠠᠭᠤᠯᠳᠠᠭ᠂ ᠳᠦᠪᠡᠳ ᠬᠠᠰᠢ ᠶᠢᠨ ᠪᠦᠲᠦᠭᠡᠭᠳᠡᠭᠦᠨ ᠳᠤ ᠴᠤ ᠳᠦᠪᠡᠳ ᠬᠠᠰᠢ ᠶᠢᠨ | ᠤᠯᠠᠭᠠᠨ ᠡᠳ᠋ ᠡᠯᠪᠡᠭ ᠠᠭᠤᠯᠳᠠᠭ᠃ ᠳᠠᠨ ᠤ ᠡᠳᠦᠷ ᠳᠤᠳᠤᠮ ᠤᠨ ᠢᠳᠡᠭᠡᠨ ᠤ ᠴᠢᠨᠢ ᠦᠯᠦ ᠢᠰᠦᠯᠳᠦᠭᠦᠯᠬᠦ ᠡᠳ᠋ ᠬᠠᠷᠢᠴᠠᠩᠭᠤᠢ ᠪᠠᠭ᠎ᠠ ᠪᠠᠶᠢᠬᠤ ᠪᠤᠶᠤ | ᠬᠦᠷᠦᠯᠴᠡᠭᠡ ᠮᠠᠭᠤᠳᠠᠢ ᠪᠠᠶᠢᠪᠠᠯ᠂ ᠳᠦᠪᠡᠳ ᠬᠠᠰᠢ ᠢᠯᠡᠭᠦᠦ ᠢᠳᠡᠪᠡᠯ ᠮᠦᠨ ᠵᠢᠷᠦᠭᠡ ᠶᠢ ᠬᠠᠮᠠᠭᠠᠯᠠᠬᠤ ᠦᠢᠯᠡᠳᠦᠯ ᠦᠵᠡᠭᠦᠯᠬᠦ ᠶᠤᠰᠤᠳᠠᠢ᠃ ᠳᠦᠪᠡᠳ ᠬᠠᠰᠢ ᠶᠢ | ᠳᠦᠭᠦᠭᠡᠢ ᠪᠠᠷ᠂ ᠪᠤᠯᠭᠤᠵᠤ ᠢᠳᠡᠵᠦ ᠪᠦᠷ ᠪᠤᠯᠤᠨ᠎ᠠ᠂ ᠳᠦᠪᠡᠳ ᠬᠠᠰᠢ ᠶᠢᠨ ᠵᠢᠶᠠᠩ ᠢ ᠴᠤ ᠡᠳᠦᠷ ᠳᠤᠳᠤᠮ ᠢᠳᠡᠵᠦ ᠪᠤᠯᠤᠨ᠎ᠠ᠃ ᠤᠯᠠᠭᠠᠨ ᠠᠷᠢᠬᠢ ᠤᠯᠠᠭᠠᠨ | ᠠᠷᠢᠬᠢᠨ ᠳᠤ ᠠᠭᠤᠯᠳᠠᠭ ᠡᠯᠪᠡᠭ ᠹᠧᠨᠤᠯ ᠨᠢ ᠵᠢᠷᠦᠭᠡᠨ ᠳᠤ ᠰᠠᠶᠢᠨ ᠳᠠᠯ᠎ᠠ ᠲᠠᠢ᠂ ᠭᠡᠪᠡᠴᠦ ᠬᠡᠮᠵᠢᠶ᠎ᠠ ᠲᠠᠢ ᠤᠤᠭᠤᠬᠤ ᠭᠡᠷᠡᠭᠳᠡᠢ᠃ ᠨᠢᠭᠡ ᠬᠦᠮᠦᠨ ᠡᠳᠦᠷ ᠲᠤ | ᠵᠦᠪᠬᠡᠨ ᠪᠠᠭ᠎ᠠ ᠯᠡ ᠬᠡᠮᠵᠢᠶᠠᠨ ᠤ ᠤᠯᠠᠭᠠᠨ ᠠᠷᠢᠬᠢ ᠤᠤᠭᠤᠪᠠᠯ ᠬᠠᠮᠤᠭ ᠰᠠᠶᠢᠨ᠃ | ᠨᠤᠬᠠᠢ ᠶᠢᠨ ᠬᠤᠰᠢᠭᠤ ᠨᠤᠬᠠᠢ ᠶᠢᠨ ᠬᠤᠰᠢᠭᠤ ᠳᠤ ᠨᠢᠭᠡ ᠵᠦᠢᠯ ᠤᠨ ᠦᠵᠦᠮ ᠤᠨ ᠪᠦᠭᠡᠮᠨᠡᠷᠡᠯ ᠰᠢᠬᠢᠷ ᠭᠡᠳᠡᠭ ᠠᠭᠤᠰᠤᠮᠠᠳᠠᠭᠠᠢ ᠰᠢᠷᠭᠡᠭᠯᠢᠭ ᠠᠭᠤᠯᠳᠠᠭ | ᠂ ᠳᠡᠷᠡ ᠨᠢ ᠰᠦᠰᠦᠨ ᠤ ᠴᠢᠯᠠᠭᠤᠯᠢᠬ ᠠᠯᠺᠤᠤᠯ ᠢ ᠪᠠᠭᠠᠰᠬᠠᠳᠠᠭ ᠢᠶᠠᠷ ᠪᠠᠷᠠᠬᠤ ᠦᠭᠡᠢ᠂ ᠰᠢᠩᠭᠡᠭᠡᠯᠳᠡ ᠶᠢᠨ ᠰᠢᠰᠲ᠋ᠧᠮ ᠤᠨ ᠡᠷᠡᠭᠦᠯ ᠮᠡᠨᠳᠦ ᠶᠢ ᠬᠠᠮᠠᠭᠠᠯᠠᠳᠠᠭ᠃ | ᠨᠤᠬᠠᠢ ᠶᠢᠨ ᠬᠤᠰᠢᠭᠤ ᠳᠤ ᠪᠠᠭ᠎ᠠ ᠬᠡᠮᠵᠢᠶᠡᠨ ᠤ ᠪᠤᠷᠠᠮ ᠪᠠ ᠬᠤᠰᠢᠭ᠎ᠠ ᠨᠡᠮᠡᠵᠦ ᠡᠷᠳᠡ ᠶᠢᠨ ᠬᠤᠭᠤᠯᠠ ᠪᠤᠯᠭᠠᠵᠤ ᠪᠤᠯᠤᠨ᠎ᠠ᠃ ᠬᠠᠷᠢᠨ ᠰᠢᠬᠢᠷ ᠤᠨ | ᠠᠭᠤᠯᠤᠭᠳᠠᠴᠠ ᠪᠠᠷ ᠭᠡᠳᠦ ᠦᠨᠳᠦᠷ ᠨᠤᠬᠠᠢ ᠶᠢᠨ ᠬᠤᠰᠢᠭᠤ ᠶᠢ ᠰᠤᠩᠭᠤᠵᠤ ᠪᠤᠯᠬᠤ ᠦᠭᠡᠢ᠃ | ᠨᠤᠭᠤᠭᠠᠨ ᠨᠠᠪᠴᠢᠳᠤ ᠢᠳᠡᠰᠢᠨ ᠨᠤᠭᠤᠭ᠎ᠠ ᠨᠤᠭᠤᠭᠠᠨ ᠨᠠᠪᠴᠢᠲᠤ ᠢᠳᠡᠰᠢᠨ ᠨᠤᠭᠤᠭ᠎ᠠ ᠳᠤ ᠸᠢᠲ᠋ᠠᠮᠢᠨ᠂ ᠡᠷᠦᠳᠡᠰᠦ ᠪᠠ ᠰᠢᠷᠭᠡᠭᠯᠢᠭ ᠡᠯᠪᠡᠭ | ᠠᠭᠤᠯᠳᠠᠭ ᠪᠦᠭᠡᠳ ᠢᠯᠴᠢ ᠶᠢᠨ ᠬᠡᠮᠵᠢᠶ᠎ᠠ ᠨᠢ ᠳᠤᠤᠷ᠎ᠠ ᠪᠠᠶᠢᠳᠠᠭ᠃ ᠨᠤᠭᠤᠭᠠᠨ ᠨᠠᠪᠴᠢᠲᠤ ᠢᠳᠡᠰᠢᠨ ᠨᠤᠭᠤᠭ᠎ᠠ ᠦᠷᠭᠦᠯᠵᠢ ᠢᠳᠡᠪᠡᠯ ᠨᠠᠰᠤ ᠨᠡᠮᠡᠭᠳᠡᠬᠦ ᠶᠢ | ᠳᠠᠭᠠᠯᠳᠤᠨ ᠪᠤᠢ ᠪᠤᠯᠳᠠᠭ ᠴᠡᠭᠡᠵᠢᠯᠡᠬᠦ ᠴᠢᠳᠠᠪᠤᠷᠢ ᠮᠠᠭᠤᠳᠠᠬᠤ ᠪᠠᠶᠢᠳᠠᠯ ᠢ ᠨᠠᠮᠳᠠᠭᠤᠯᠳᠠᠭ᠃ ᠵᠢᠱᠢᠶᠡᠯᠡᠪᠡᠯ ᠰᠢᠨ᠎ᠠ ᠰᠤᠷᠭᠤᠭ ᠦᠷᠭᠡᠰᠦᠳᠦ ᠨᠤᠭᠤᠭ᠎ᠠ ᠪᠠᠷ ᠰᠠᠯᠠᠳ᠋ | ᠬᠢᠵᠦ ᠢᠳᠡᠪᠠᠯ ᠰᠠᠶᠢᠨ ᠪᠠᠶᠢᠳᠠᠭ᠃ | ᠠᠷᠤᠷ᠎ᠠ ᠶᠢᠨ ᠳᠤᠰᠤ ᠠᠷᠤᠷ᠎ᠠ ᠶᠢᠨ ᠳᠤᠰᠤ ᠨᠢ ᠳᠤᠤᠷ᠎ᠠ ᠨᠢᠬᠳᠠᠴᠠᠳᠤ ᠦᠭᠡᠭᠦᠨ ᠤᠭᠤᠷᠠᠭᠳᠤ ᠰᠦᠰᠦᠨ ᠤ ᠴᠢᠯᠠᠭᠤᠯᠢᠬ ᠠᠯᠺᠤᠤᠯ ᠤᠨ ᠵᠡᠷᠭᠡ ᠳᠡᠰ ᠢ | ᠪᠠᠭᠤᠷᠠᠭᠤᠯᠬᠤ ᠪᠠᠷ ᠳᠠᠮᠵᠢᠨ ᠵᠢᠷᠦᠭᠡᠨ ᠡᠪᠡᠳᠴᠢᠨ ᠤ ᠠᠶᠤᠯ ᠢ ᠪᠠᠭᠠᠰᠬᠠᠳᠠᠭ᠃ ᠠᠷᠤᠷ᠎ᠠ ᠶᠢᠨ ᠳᠤᠰᠤ ᠪᠤᠯ ᠭᠠᠵᠠᠷ ᠤᠨ ᠳᠤᠮᠳᠠᠳᠤ ᠳᠠᠩᠭᠢᠰ ᠤᠨ ᠤᠷᠤᠨ ᠤ | ᠢᠳᠡᠭᠡᠨ ᠳᠤ ᠳᠤᠳᠠᠭᠳᠠᠵᠤ ᠪᠤᠯᠤᠰᠢ ᠦᠭᠡᠢ ᠵᠦᠢᠯ ᠪᠤᠯᠤᠨ᠎ᠠ᠃ ᠠᠷᠤᠷ᠎ᠠ ᠶᠢᠨ ᠳᠤᠰᠤ ᠪᠠᠷ ᠬᠤᠭᠤᠯᠠ ᠬᠢᠵᠤ ᠪᠤᠯᠤᠨ᠎ᠠ᠂ ᠮᠦᠨ ᠰᠢᠭᠤᠳ ᠳᠠᠯᠬ᠎ᠠ ᠪᠠᠨ ᠳᠦᠷᠦᠵᠦ | ᠢᠳᠡᠵᠦ ᠪᠤᠯᠤᠨ᠎ᠠ᠃ | ᠰᠢᠷ᠎ᠠ ᠪᠤᠷᠴᠠᠭ ᠤᠨ ᠢᠳᠡᠭᠡᠨ ᠰᠢᠷ᠎ᠡ ᠪᠤᠷᠴᠠᠭ ᠤᠨ ᠤᠭᠤᠷᠠᠭ ᠨᠢ ᠵᠢᠷᠦᠭᠡᠨ ᠡᠪᠡᠳᠴᠢᠨ ᠢ ᠰᠡᠷᠭᠡᠶᠢᠯᠡᠬᠦ ᠳᠤ ᠳᠤᠰᠠᠳᠠᠢ᠂ ᠤᠨᠴᠠᠭᠠᠶᠢᠢᠯᠠᠨ ᠪᠤᠷᠴᠠᠭ ᠤᠨ | ᠢᠳᠡᠭᠡᠨ ᠢᠶᠠᠷ ᠤᠯᠠᠭᠠᠨ ᠢᠳᠡᠭᠡᠨ ᠢ ᠤᠷᠤᠯᠠᠭᠤᠯᠪᠠᠯ ᠬᠦᠢᠴᠡᠳ ᠦᠭᠡᠬᠦᠨ ᠬᠦᠴᠢᠯ ᠤᠨ ᠬᠡᠮᠵᠢᠶ᠎ᠠ ᠶᠢ ᠪᠠᠭᠠᠰᠬᠠᠵᠤ᠂ ᠦᠭᠡᠬᠦᠨ ᠬᠦᠴᠢᠯ ᠤᠨ ᠳᠦᠪᠰᠢᠨ ᠢ | ᠳᠡᠭᠡᠭᠰᠢᠯᠡᠭᠦᠯᠵᠦ ᠪᠤᠯᠤᠨ᠎ᠠ᠃ ᠡᠩ ᠤᠨ ᠦᠶ᠎ᠠ ᠳᠡᠭᠡᠨ ᠳ᠋ᠧᠦᠹᠦ᠋᠂ ᠪᠤᠷᠴᠠᠭ ᠲᠠᠢ ᠰᠦ ᠢᠯᠡᠭᠦᠭᠡᠨ ᠤᠤᠭᠤᠵᠤ ᠪᠤᠯᠤᠨ᠎ᠠ᠃ | |