ᠬᠠᠭᠤᠷᠠᠢ ᠬᠦᠦ ᠨᠢ ᠬᠠᠭᠤᠷᠠᠢ ᠠᠪᠤ ᠡᠵᠢ ᠶᠢᠨ ᠢᠶᠠᠨ ᠥᠪ ᠬᠥᠷᠤᠩᠭᠡ ᠶᠢ ᠵᠠᠯᠭᠠᠮᠵᠢᠯᠠᠵᠤ ᠪᠣᠯᠬᠤ ᠦᠦ︖
ᠨᠡᠶᠢᠲᠡᠯᠡᠭᠰᠡᠨ ᠴᠠᠭ᠄
2022/10/26
       ᠬᠡᠷᠡᠭ ᠤᠨ ᠵᠢᠱᠢᠶ᠎ᠡ             ᠸᠠᠩ ᠣᠪᠣᠭᠲᠤ ᠪᠠ ᠯᠢ ᠣᠪᠣᠭᠲᠤ ᠬᠤᠶᠠᠭᠤᠯᠠ ᠤᠷᠤᠭᠯᠠᠭᠰᠠᠨ ᠤ ᠰᠡᠭᠦᠯᠡᠷ ᠶᠡᠷᠦ ᠨᠢ ᠦᠷ᠎ᠡ ᠬᠡᠦᠬᠡᠳ ᠦᠭᠡᠶ᠃ ᠭᠡᠪᠡᠴᠦ ᠬᠡᠦᠬᠡᠳ ᠲᠤ ᠬᠠᠶᠢᠷ᠎ᠠ‌‍ᠲ᠋ᠠᠢ ᠤᠴᠢᠷ ᠠᠴᠠ ᠨᠠᠶᠢᠵᠠ ᠶᠢᠨ ᠢᠶᠠᠨ ᠬᠡᠦᠬᠡᠳ ᠰᠢᠶᠤᠤ ᠮᠢᠩ ᠢ ᠬᠠᠭᠤᠷᠠᠶ ᠬᠦᠦ ᠪᠠᠨ ᠪᠣᠯᠭᠠᠵᠠᠶ᠃ ᠤᠳᠠᠭᠠᠨ ᠵᠢᠯ ᠶᠠᠪᠤᠯᠴᠠᠭᠰᠠᠨ ᠤ ᠳᠠᠷᠠᠭ᠎ᠠ᠂ ᠸᠠᠩ ᠣᠪᠣᠭᠲᠤ᠂ ᠯᠢ ᠣᠪᠣᠭᠲᠤ ᠪᠣᠯᠤᠨ ᠰᠢᠶᠤᠤ ᠮᠢᠩ ᠤᠨ ᠬᠠᠶᠢᠷ᠎ᠠ ᠰᠡᠳᠬᠢᠯᠭᠡ ᠤᠯᠠᠮ ᠭᠦᠨ ᠪᠣᠯᠵᠠᠶ᠃ ᠸᠠᠩ ᠣᠪᠣᠭᠲᠤ᠂ ᠯᠢ ᠣᠪᠣᠭᠲᠤ ᠭᠡᠷᠢᠶᠡᠰ ᠦᠯᠡᠳᠡᠭᠡᠵᠦ᠂ ᠥᠪ ᠬᠥᠷᠤᠩᠭᠡ ᠪᠠᠨ ᠰᠢᠶᠤᠤ ᠮᠢᠩ ᠳᠤ ᠪᠡᠯᠡᠭᠯᠡᠨ ᠥᠭᠬᠦ ᠪᠠᠷ ᠰᠢᠢᠳᠪᠡ᠃      ᠬᠠᠭᠤᠷᠠᠶ ᠬᠦᠦ ᠪᠣᠯᠤᠭᠰᠠᠨ ᠤ ᠬᠤᠪᠢ ᠳᠤ ᠰᠢᠶᠣᠤ ᠮᠢᠩ ᠬᠠᠭᠤᠷᠠᠶ ᠠᠪᠤ ᠡᠵᠢ ᠶᠢᠨ ᠢᠶᠠᠨ ᠥᠪ ᠬᠥᠷᠥᠩᠭᠡ ᠶᠢ ᠵᠠᠯᠭᠠᠮᠵᠢᠯᠠᠵᠤ ᠪᠣᠯᠤᠨ᠎ᠠ ᠤᠤ︖              ᠬᠠᠤᠯᠢ ᠢᠶᠠᠷ ᠲᠠᠶᠢᠯᠪᠤᠷᠢᠯᠠᠬᠤ ᠨᠢ           ᠪᠣᠯᠤᠨ᠎ᠠ᠃ ᠢᠷᠭᠡᠨ ᠤ ᠬᠠᠤᠯᠢ ᠶᠢᠨ ᠪᠢᠴᠢᠭ ᠤᠨ ᠵᠠᠭᠤ ᠭᠤᠴᠢᠨ  ᠭᠤᠷᠪᠠᠳᠤᠭᠠᠷ  ᠵᠦᠢᠯ ᠳᠤ᠂  ᠡᠩ ᠤᠨ ᠬᠥᠮᠦᠨ‌‍ᠭᠡᠷᠢᠶᠡᠰ  ᠦᠯᠡᠳᠡᠭᠡᠵᠦ ᠬᠤᠪᠢ ᠶᠢᠨ ᠡᠳ᠋ ᠬᠥᠷᠤᠩᠭᠡ ᠪᠠᠨ ᠤᠯᠤᠰ ᠣᠷᠣᠨ᠂  ᠬᠠᠮᠲᠤ  ᠨᠡᠶᠢᠳᠡ ᠪᠤᠶᠤ  ᠬᠠᠤᠯᠢ ᠪᠠᠷ ᠲᠣᠭᠲᠠᠭᠠᠭᠰᠠᠨ ᠥᠪ ᠵᠠᠯᠭᠠᠮᠵᠢᠯᠠᠭᠴᠢ ᠠᠴᠠ ᠭᠠᠳᠠᠨᠠᠬᠢ ᠵᠣᠬᠢᠶᠠᠨ ᠪᠠᠶᠢᠭᠤᠯᠤᠯᠲᠠ᠂ ᠬᠤᠪᠢ ᠬᠥᠮᠦᠨ ᠳᠤ ᠪᠡᠯᠡᠭᠯᠡᠨ ᠥᠭᠴᠦ‌‍ᠪ᠊ ‍ᠣᠯᠤᠨ᠎ᠠ ᠭᠡᠵᠦ ᠲᠣᠭᠲᠠᠭᠠᠵᠠᠢ᠃
ᠢᠷᠡᠯᠲᠡ᠄ ᠠᠷᠠᠳ ᠤᠨ ᠰᠦᠯᠵᠢᠶ᠎ᠡ