ᠦᠷ᠎ᠡ ᠬᠡᠦᠬᠡᠳ ᠨᠢ ᠡᠴᠢᠭᠡ ᠡᠬᠡ ᠶᠢᠨ ᠢᠶᠠᠨ ᠭᠡᠷᠢᠶᠡᠰ ᠤᠨ ᠭᠡᠷᠡᠴᠢᠯᠡᠭᠴᠢ ᠪᠤᠯᠵᠤ ᠪᠣᠯᠤᠨ᠎ᠠ ᠦᠦ︖
ᠨᠡᠶᠢᠲᠡᠯᠡᠭᠰᠡᠨ ᠴᠠᠭ᠄
2022/10/26
      ᠬᠡᠷᠡᠭ ᠤᠨ ᠵᠢᠱᠢᠶ᠎ᠡ              ᠯᠢᠦ ᠨᠠᠰᠤᠲᠠᠨ‌ᠬᠤᠶᠠᠷ ᠬᠦᠦ ᠲᠠᠢ᠂ ᠬᠥᠭᠰᠢᠨ ᠨᠢ ᠨᠠᠰᠤ ᠪᠠᠷᠠᠭᠰᠠᠨ ᠤ ᠳᠠᠷᠠᠭ᠎ᠠ ᠶᠡᠷᠦ ᠨᠢ ᠪᠠᠭ᠎ᠠ ᠬᠦᠦ ᠲᠠᠢ ᠪᠡᠨ‌ᠠᠮᠢᠳᠣᠷᠠᠵᠤ᠂ ᠶᠡᠭᠡ ᠬᠦᠦ ᠨᠢ ᠯᠢᠦ ᠭᠤᠸᠠᠢ ᠶᠢ ᠳᠡᠮᠡᠢ ᠬᠠᠷᠠᠭᠠᠯᠵᠠᠳᠠᠭ ᠦᠭᠡᠢ ᠪᠠᠶᠢᠵᠠᠢ᠃ ᠯᠢᠦ ᠨᠠᠰᠤᠲᠠᠨ ᠨᠡᠷ᠎ᠡ ᠳᠣᠣᠷᠠᠬᠢ ᠡᠳ᠋ ᠬᠥᠷᠤᠩᠭᠡ ᠪᠠᠨ ᠪᠠᠭ᠎ᠠ ᠬᠦᠦ ᠳᠡᠭᠡᠨ ᠦᠯᠡᠳᠡᠭᠡᠵᠦ ᠥᠭᠬᠦ ᠬᠡᠳ ᠵᠡᠷᠭᠡᠯᠡᠳᠡᠭᠡ ᠠᠶᠢᠯ ᠤᠨ ᠬᠢᠨ ᠢ ᠡᠷᠢᠵᠦ ᠭᠡᠷᠢᠶᠡᠰ ᠪᠢᠴᠢᠭᠦᠯᠵᠦ᠂ ᠵᠡᠷᠭᠡᠯᠡᠳᠡᠭᠡ ᠠᠶᠢᠯ ᠪᠣᠯᠤᠨ ᠪᠠᠭ᠎ᠠ ᠬᠦᠦ ᠨᠢ ᠭᠡᠷᠡᠴᠢᠯᠡᠭᠴᠢ ᠶᠢᠨ ᠬᠤᠪᠢ ᠪᠠᠷ ᠭᠡᠷᠢᠶᠡᠰ ᠳᠡᠭᠡᠷ᠎ᠡ ᠭᠠᠷ ᠤᠨ ᠦᠰᠦᠭ ᠵᠢᠷᠤᠵᠤ ᠲᠠᠮᠠᠭ᠎ᠠ ᠳᠠᠷᠤᠵᠠᠢ᠃ ᠯᠢᠦ ᠨᠠᠰᠤᠲᠠᠨ ᠨᠠᠰᠤ ᠪᠠᠷᠠᠭᠰᠠᠨ ᠤ ᠲᠠᠷᠠᠭ᠎ᠠ᠂  ᠬᠤᠶᠠᠷ ᠬᠦᠦ ᠨᠢ ᠥᠪ ᠵᠠᠯᠭᠠᠮᠵᠢᠯᠠᠬᠤ ᠡᠴᠠ‌‍ᠪᠤᠯᠵᠤ ᠵᠠᠭᠤᠷᠠᠯᠳᠤᠭᠠᠨ ᠡᠭᠦᠰᠴᠦ᠂ ᠶᠡᠭᠡ ᠬᠦᠦ ᠨᠢ ᠡᠨᠡ ᠬᠦ ᠣᠷᠣᠯᠠᠨ ᠪᠢᠴᠢᠭᠰᠡᠨ‌‍ᠭᠡᠷᠢᠶᠡᠰ ᠤᠨ ᠭᠡᠷᠡᠴᠢᠯᠡᠭᠴᠢ ᠨᠢ ᠬᠠᠤᠯᠢ ᠵᠢᠨ‌‍ᠲ᠋ᠣᠭᠲᠠᠭᠠᠯ ᠳᠤ ᠨᠡᠶᠢᠴᠡᠬᠦ ᠦᠭᠡᠢ ᠭᠡᠵᠦ ᠦᠵᠡᠭᠡᠳ ᠭᠡᠷᠢᠶᠡᠰ ᠢ ᠬᠦᠴᠦᠨ ᠦᠭᠡᠢ ᠪᠣᠯᠭᠠᠬᠤ ᠶᠢ ᠵᠤᠷᠢᠪᠠ᠃         ᠲᠡᠭᠡᠪᠡᠯ ᠦᠷ᠎ᠡ ᠬᠡᠦᠬᠡᠳ ᠨᠢ ᠡᠴᠢᠭᠡ ᠡᠬᠡ ᠶᠢᠨ ᠢᠶᠠᠨ ᠭᠡᠷᠢᠶᠡᠰ ᠤᠨ ᠭᠡᠷᠡᠴᠢᠯᠡᠭᠴᠢ ᠪᠤᠯᠵᠤ ᠪᠣᠯᠤᠨ᠎ᠠ ᠦᠦ︖              ᠬᠠᠤᠯᠢ ᠢᠶᠠᠷ ᠲᠠᠶᠢᠯᠪᠤᠷᠢᠯᠠᠬᠤ ᠨᠢ              ᠪᠣᠯᠬᠤ ᠥᠬᠡᠶ᠃ ᠢᠷᠭᠡᠨ ᠤ ᠬᠠᠤᠯᠢ ᠶᠢᠨ ᠪᠢᠴᠢᠭ ᠤᠨ ᠵᠠᠭᠤ ᠳᠥᠴᠢᠳᠦᠭᠡᠷ ᠵᠦᠢᠯ ᠳᠤ ᠳᠣᠣᠷ᠎ᠠ ᠵᠢᠭᠰᠠᠭᠠᠭᠰᠠᠨ ᠬᠥᠮᠦᠰ ᠭᠡᠷᠢᠶᠡᠰ ᠤᠨ ᠭᠡᠷᠡᠴᠢᠯᠡᠭᠴᠢ ᠪᠤᠯᠵᠤ ᠪᠣᠯᠬᠤ ᠦᠭᠡᠢ ᠭᠡᠵᠦ ᠲᠣᠭᠲᠠᠭᠠᠪᠠ᠄  ︵ᠨᠢᠭᠡ︶  ᠢᠷᠭᠡᠨ ᠤ  ᠬᠡᠷᠡᠭ ᠤᠨ ᠦᠢᠯᠡ ᠠᠵᠢᠯᠯᠠᠭ᠎ᠠ ᠶᠢᠨ ᠴᠢᠳᠠᠪᠤᠷᠢ ᠦᠭᠡᠢ ᠬᠥᠮᠦᠨ᠂ ᠢᠷᠭᠡᠨ ᠤ ᠬᠡᠷᠡᠭ ᠤᠨ ᠦᠢᠯᠡ ᠠᠵᠢᠯᠯᠠᠭ᠎ᠠ ᠶᠢᠨ ᠴᠢᠳᠠᠪᠤᠷᠢ ᠨᠢ ᠬᠢᠵᠠᠭᠠᠷᠲᠠᠢ ᠬᠥᠮᠦᠨ ᠵᠢᠴᠢ ᠭᠡᠷᠡᠴᠢᠯᠡᠬᠦ ᠴᠢᠳᠠᠪᠤᠷᠢ ᠦᠭᠡᠢ ᠪᠤᠰᠤᠳ ᠬᠥᠮᠦᠨ︔ ︵ᠬᠤᠶᠠᠷ︶ ᠥᠪ ᠵᠠᠯᠭᠠᠮᠵᠢᠯᠠᠭᠴᠢ᠂  ᠥᠪ ᠬᠦᠷᠲᠡᠭᠴᠢ︔ ︵ᠭᠤᠷᠪᠠ︶ ᠥᠪ ᠵᠠᠯᠭᠠᠮᠵᠢᠯᠠᠭᠴᠢ᠂ ᠥᠪ ᠬᠦᠷᠲᠡᠭᠴᠢ ᠯᠦᠭᠡ ᠠᠰᠢᠭ ᠬᠤᠣᠷ ᠤᠨ ᠬᠠᠷᠢᠴᠠᠭ᠎ᠠ ᠲᠠᠢ ᠬᠥᠮᠦᠨ᠃
ᠢᠷᠡᠯᠲᠡ᠄ ᠠᠷᠠᠳ ᠤᠨ ᠰᠦᠯᠵᠢᠶ᠎ᠡ