ᠤᠬᠠᠭᠠᠨ ᠪᠠᠯᠠᠷᠬᠠᠶ ᠨᠠᠰᠤᠲᠠᠨ ᠤ ᠭᠡᠷᠢᠶᠡᠰ ᠬᠦᠴᠦᠨ ᠲᠠᠢ ᠦᠦ︖
ᠨᠡᠶᠢᠲᠡᠯᠡᠭᠰᠡᠨ ᠴᠠᠭ᠄
2022/10/26
        ᠬᠡᠷᠡᠭ ᠤᠨ ᠵᠢᠱᠢᠶ᠎ᠡ             ᠯᠢ ᠣᠪᠣᠭᠲᠤ ᠨᠠᠰᠤ ᠪᠠᠷᠠᠭᠰᠠᠨ ᠤ ᠲᠠᠷᠠᠭ᠎ᠠ᠂ ᠦᠷ᠎ᠡ ᠬᠡᠦᠬᠡᠳ ᠨᠢ ᠥᠪ ᠬᠥᠷᠤᠩᠭᠡ ᠶᠢ ᠬᠤᠪᠢᠶᠠᠬᠤ ᠶᠠᠪᠤᠳᠠᠯ ᠤᠨ ᠲᠤᠬᠠᠢ ᠮᠠᠷᠭᠤᠯᠳᠤᠭᠠᠳ ᠵᠣᠭᠰᠣᠬᠤ ᠦᠭᠡᠢ ᠪᠠᠶᠢᠪᠠ᠃  ᠡᠨᠡ ᠦᠶ᠎ᠡ ᠳᠤ ᠤᠤᠭᠠᠨ ᠬᠦᠦ ᠨᠢ ᠡᠴᠢᠭᠡ ᠶᠢᠨ ᠢᠶᠠᠨ ᠠᠮᠢᠳᠤ ᠪᠠᠶᠢᠬᠤ ᠳᠠᠭᠠᠨ  ᠭᠠᠷ ‍ᠤᠨ‌ᠦᠰᠦᠭ ᠵᠢᠷᠤᠵᠤ ᠲᠠᠮᠠᠭ᠎ᠠ ᠳᠠᠷᠤᠭᠰᠠᠨ ᠪᠢᠴᠢᠭ ᠤᠨ ᠭᠡᠷᠢᠶᠡᠰ ᠢ ᠭᠠᠷᠭᠠᠵᠤ᠂  ᠭᠡᠷᠢᠶᠡᠰ ᠤᠨ ᠠᠭᠤᠯᠭ᠎ᠠ ᠶᠢᠨ ᠶᠣᠰᠣᠭᠠᠷ ᠨᠠᠰᠤᠲᠠᠨ ᠤ ᠭᠡᠷ ᠬᠥᠷᠤᠩᠭᠡ ᠶᠢ ᠥᠪᠡᠷ ᠤᠨ ᠪᠡᠶ᠎ᠡ ᠳᠡᠭᠡᠨ ᠬᠤᠪᠢᠶᠠᠨ ᠥᠭᠴᠦ ᠥᠮᠴᠢᠯᠡᠭᠦᠯᠬᠦ  ᠶᠢ ᠵᠣᠷᠢᠪᠠ᠃ ᠪᠤᠰᠤᠳ ᠦᠷ᠎ᠡ ᠬᠡᠦᠬᠡᠳ ᠨᠢ ᠠᠪᠤ ᠮᠡᠨᠡᠭ ᠡᠪᠡᠳᠴᠢᠨ ᠪᠠ ᠣᠶᠣᠨ ᠮᠡᠳᠡᠷᠡᠯ ᠤᠨ ᠰᠠᠭᠠᠳ ᠲᠠᠢ ᠭᠡᠵᠦ ᠦᠵᠡᠪᠡ᠂ ᠡᠭᠦᠨ ᠠᠴᠠ ᠡᠮᠤᠨ᠎ᠡ ᠪᠠᠰᠠ ᠭᠤᠶᠤᠴᠢᠯᠠᠯ ᠭᠠᠷᠭᠠᠭᠰᠠᠨ ᠳᠤ᠂ ᠰᠢᠭᠦᠬᠦ ᠬᠤᠷᠢᠶ᠎ᠠ ᠠᠴᠠ ᠡᠴᠢᠭᠡ ᠶᠢ  ᠨᠢ ᠢᠷᠭᠡᠨ ᠤ ᠬᠡᠷᠡᠭ ‍ᠤᠨ‌ᠠᠵᠢᠯᠯᠠᠭ᠎ᠠ ᠶᠢᠨ ᠴᠢᠳᠠᠪᠤᠷᠢ ᠨᠢ ᠬᠢᠵᠠᠭᠠᠷᠲᠠᠢ  ᠬᠥᠮᠦᠨ ᠭᠡᠵᠦ ᠦᠵᠡᠪᠡ᠂      ᠡᠭᠦᠨ ᠢ ᠦᠨᠳᠦᠰᠦᠯᠡᠪᠡᠯ ᠲᠤᠰ ᠭᠡᠷᠢᠶᠡᠰ ᠬᠦᠴᠦᠨ ᠲᠠᠢ ᠦᠦ︖           ᠬᠠᠤᠯᠢ ᠢᠶᠠᠷ ᠲᠠᠶᠢᠯᠪᠤᠷᠢᠯᠠᠬᠤ ᠨᠢ            ᠬᠦᠴᠦᠨ ᠦᠭᠡᠢ᠃ ᠢᠷᠭᠡᠨ ᠤ ᠬᠠᠤᠯᠢ ᠶᠢᠨ ᠪᠢᠴᠢᠭ ᠤᠨ ᠵᠠᠭᠤ ᠳᠥᠴᠢᠨ ᠭᠤᠷᠪᠠᠳᠤᠭᠠᠷ  ᠵᠦᠢᠯ ᠳᠤ᠂  ᠢᠷᠭᠡᠨ ᠤ ᠬᠡᠷᠡᠭ ᠤᠨ ᠦᠢᠯᠡ ᠠᠵᠢᠯᠯᠠᠭ᠎ᠠ ᠶᠢᠨ ᠴᠢᠳᠠᠪᠤᠷᠢ ᠦᠭᠡᠢ ᠬᠥᠮᠦᠨ  ᠪᠤᠶᠤ ᠢᠷᠭᠡᠨ ᠤ ᠬᠡᠷᠡᠭ ᠤᠨ ᠦᠢᠯᠡ ᠠᠵᠢᠯᠯᠠᠭ᠎ᠠ ᠶᠢᠨ ᠴᠢᠳᠠᠪᠤᠷᠢ ᠨᠢ ᠬᠢᠵᠠᠭᠠᠷᠲᠠᠢ ᠬᠥᠮᠦᠨ ᠤ ᠭᠡᠷᠢᠶᠡᠰ ᠨᠢ ᠬᠦᠴᠦᠨ ᠦᠭᠡᠢ ᠭᠡᠵᠦ ᠲᠣᠭᠲᠠᠭᠠᠵᠠᠢ᠃ ᠭᠡᠷᠢᠶᠡᠰ ᠨᠢ ᠡᠷᠬᠡᠪᠰᠢ ᠭᠡᠷᠢᠶᠡᠰ ᠦᠯᠡᠳᠡᠭᠡᠭᠴᠢ ᠶᠢᠨ  ᠦᠨᠡᠨ ᠰᠠᠨᠠᠭ᠎ᠠ ᠶᠢ ᠢᠯᠡᠳᠬᠡᠭᠰᠡᠨ ᠪᠠᠶᠢᠬᠤ ᠬᠡᠷᠡᠭᠲᠡᠢ᠂ ᠮᠡᠬᠡᠯᠡᠭᠳᠡᠵᠦ᠂ ᠰᠦᠷᠳᠡᠭᠳᠡᠵᠦ ᠪᠠᠶᠢᠭᠠᠳ ᠦᠯᠡᠳᠡᠭᠡᠭᠰᠡᠨ ᠭᠡᠷᠢᠶᠡᠰ ᠬᠦᠴᠦᠨ ᠦᠭᠡᠢ᠃ ᠬᠠᠭᠤᠷᠮᠠᠭᠯᠠᠨ ᠵᠣᠬᠢᠶᠠᠭᠰᠠᠨ ᠭᠡᠷᠢᠶᠡᠰ ᠬᠦᠴᠦᠨ ᠦᠭᠡᠢ᠃ ᠭᠡᠷᠢᠶᠡᠰ ᠢ ᠥᠭᠡᠷᠡᠲᠦᠭᠦᠯᠦᠭᠰᠡᠨ ᠪᠠᠶᠢᠪᠠᠯ ᠥᠭᠡᠷᠡᠲᠦᠭᠦᠯᠦᠭᠰᠡᠨ ᠠᠭᠤᠯᠭ᠎ᠠ ᠨᠢ ᠬᠦᠴᠦᠨ ᠦᠭᠡᠢ᠃
ᠢᠷᠡᠯᠲᠡ᠄ ᠠᠷᠠᠳ ᠤᠨ ᠰᠦᠯᠵᠢᠶ᠎ᠡ