ᠡᠷᠡᠭᠦᠯ ᠴᠢᠭᠢᠷᠠᠭ ᠢ ᠪᠠᠲᠤᠯᠠᠬᠤ ᠠᠷᠪᠠᠨ ᠰᠠᠶᠢᠬᠠᠨ ᠳᠠᠳᠬᠠᠯ
ᠨᠡᠶᠢᠲᠡᠯᠡᠭᠰᠡᠨ ᠴᠠᠭ᠄
2022/10/24
       ᠨᠢᠭᠡ᠂ ᠡᠳᠣᠷ ᠪᠦᠷᠢ ᠰᠢᠮ᠎ᠡ ᠲᠡᠵᠢᠭᠡᠯ ᠲᠠᠢ ᠦᠷᠯᠥᠭᠡ ᠶᠢᠨ ᠬᠤᠭᠤᠯᠠ ᠢᠳᠡᠨ᠎ᠡ᠃ ᠢᠩᠬᠢᠬᠦ ᠨᠢ ᠣᠶᠣᠨ ᠰᠡᠳᠬᠢᠴᠡ ᠶᠢ ᠰᠡᠷᠬᠦᠯᠡᠩ ᠪᠣᠯᠭᠠᠵᠦ᠂ ᠠᠵᠢᠯ ᠰᠣᠷᠣᠯᠭ᠎ᠠ ᠶᠢᠨ ᠦᠷ᠎ᠡ ᠪᠦᠳᠣᠮᠵᠢ ᠶᠢ ᠲᠡᠭᠡᠭᠰᠢᠯᠡᠬᠦᠯᠥᠨ᠎ᠡ᠃       ᠬᠤᠶᠠᠷ᠂ ᠡᠳᠣᠷ ᠪᠦᠷᠢ 5 ᠵᠦᠢᠯ ᠤᠨ ᠨᠣᠭᠤᠭ᠎ᠠ ᠵᠢᠮᠢᠰ ᠢᠳᠡᠨ᠎ᠡ᠃ ᠤᠯᠠᠨ ᠵᠦᠢᠯ ᠤᠨ ᠨᠣᠭᠤᠭ᠎ᠠ ᠵᠢᠮᠢᠰ ᠢᠳᠡᠬᠦ ᠨᠢ ᠬᠦᠮᠣᠨ ᠤ ᠪᠡᠶ᠎ᠡ ᠶᠢᠨ ᠡᠪᠡᠳᠴᠢᠨ ᠡᠰᠡᠷᠬᠦᠴᠡᠬᠦ ᠴᠢᠳᠠᠪᠣᠷᠢ ᠶᠢ ᠨᠡᠮᠡᠭᠳᠡᠬᠦᠯᠥᠨ᠎ᠡ᠃       ᠭᠤᠷᠪᠠ᠂ ᠡᠳᠣᠷ ᠪᠦᠷᠢ 30 ᠮᠢᠨᠣᠲ ᠬᠦᠳᠡᠯᠭᠡᠭᠡᠨ ᠬᠢᠨ᠎ᠡ᠃ ᠡᠳᠣᠷ ᠪᠦᠷᠢ ᠲᠣᠭᠳᠠᠭᠰᠡᠨ ᠴᠠᠭ ᠲᠠᠢ ᠬᠦᠳᠡᠯᠭᠡᠭᠡᠨ ᠬᠢᠬᠦ ᠨᠢ ᠵᠢᠷᠣᠬᠡᠨ ᠲᠠᠮᠢᠷ ᠢ ᠰᠠᠶᠢᠵᠢᠷᠠᠭᠤᠯᠵᠦ᠂ ᠰᠢᠬᠢᠷ ᠰᠢᠵᠢᠩ ᠡᠪᠡᠳᠴᠢᠨ᠂ ᠶᠠᠰᠣ ᠰᠢᠭᠤᠷᠠᠬᠤ ᠡᠪᠡᠳᠴᠢᠨ ᠵᠡᠷᠭᠡ ᠶᠢ ᠰᠡᠷᠭᠡᠶᠢᠯᠡᠬᠦ ᠳᠤ ᠠᠰᠢᠭᠳᠠᠢ᠃      ᠳᠥᠷᠪᠡ᠂ ᠮᠣᠳᠣᠨ ︵ᠬᠤᠯᠣᠰᠣᠨ︶ ᠰᠢᠬᠢᠴᠢᠯᠡᠬᠦᠷ ᠵᠡᠷᠭᠡ ᠶᠢ ᠣᠷᠬᠢᠵᠦ ᠣᠳᠠᠰᠣ ᠪᠠᠷ ᠰᠢᠳᠣ ᠪᠠᠨ ᠰᠢᠬᠢᠴᠢᠯᠡᠨ᠎ᠡ᠃ ᠡᠮᠨᠡᠯᠭᠡ ᠶᠢᠨ ᠰᠢᠨᠵᠢᠯᠭᠡᠨ ᠳᠤ ᠢᠯᠡᠷᠡᠬᠦᠯᠥᠭᠰᠡᠨ ᠢᠶᠠᠷ᠂ ᠣᠳᠠᠰᠣ ᠪᠠᠷ ᠰᠢᠳᠣ ᠪᠠᠨ ᠰᠢᠬᠢᠴᠢᠯᠡᠬᠦ ᠨᠢ ᠰᠢᠳᠣ ᠬᠤᠷᠣᠬᠠᠶᠢᠳᠠᠬᠤ ᠲᠣᠬᠢᠶᠠᠯ ᠢ ᠪᠠᠭᠠᠰᠬᠠᠵᠦ᠂ ᠵᠢᠷᠣᠬᠡ ᠶᠢ ᠬᠠᠮᠠᠭᠠᠯᠠᠬᠤ ᠣᠶᠢᠯᠡᠳᠣᠯ ᠲᠠᠢ᠃       ᠲᠠᠪᠤ᠂ ᠡᠷᠣᠭᠡ ᠭᠡᠷ᠂ ᠠᠵᠢᠯᠯᠠᠬᠤ ᠭᠡᠷ ᠲᠡᠭᠡᠨ ᠬᠤᠸᠠᠷ ᠴᠡᠴᠡᠭ ᠣᠷᠭᠤᠭᠤᠯᠵᠦ᠂ ᠵᠢᠭᠠᠰᠣ ᠵᠢᠷᠭᠠᠬᠠᠢ ᠲᠡᠵᠢᠭᠡᠨ᠎ᠡ᠃ ᠢᠩᠬᠢᠬᠦ ᠨᠢ ᠬᠦᠮᠤᠨ ᠤ ᠣᠶᠣᠨ ᠰᠠᠨᠠᠭ᠎ᠠ ᠶᠢ ᠠᠮᠣᠷᠵᠢᠭᠤᠯᠬᠤ ᠳᠤ ᠲᠣᠰᠠᠳᠠᠢ᠃       ᠵᠢᠷᠭᠤᠭ᠎ᠠ᠂ ᠲᠠᠮᠠᠬᠢ ᠲᠠᠳᠠᠬᠤ ᠪᠠᠨ ᠵᠣᠭᠰᠣᠨ᠎ᠠ᠃ ᠲᠠᠮᠠᠬᠢᠨ ᠤ ᠲᠣᠳᠣᠷ᠎ᠠ 4000 ᠭᠠᠷᠣᠢ ᠵᠦᠢᠯ ᠤᠨ ᠬᠤᠣᠷᠳᠣ ᠪᠣᠳᠠᠰ ᠠᠭᠤᠯᠵᠦ᠂ ᠣᠯᠠᠨ ᠵᠦᠢᠯ ᠤᠨ ᠡᠪᠡᠳᠴᠢᠨ ᠡᠮᠬᠡᠭ ᠢ ᠡᠬᠦᠰᠬᠡᠬᠦ ᠠᠶᠣᠯᠳᠠᠢ ᠪᠣᠯᠬᠤᠷ ᠲᠠᠮᠠᠬᠢ ᠲᠠᠳᠠᠬᠤ ᠪᠠᠨ ᠲᠦᠷᠭᠡᠨ ᠵᠣᠭᠰᠤᠬᠤ ᠬᠡᠷᠡᠭᠳᠠᠢ᠃       ᠳᠣᠯᠤᠭ᠎ᠠ᠂ ᠬᠤᠭᠤᠯᠠ ᠢᠳᠡᠬᠦ ᠦᠶᠡᠰ ᠲᠧᠯᠸᠢᠰ ᠦᠵᠡᠬᠦ ᠦᠭᠡᠢ ᠪᠣᠯ ᠰᠠᠶᠢᠨ᠃ ᠲᠧᠯᠸᠢᠰ ᠦᠵᠡᠵᠦ ᠪᠠᠶᠢᠭᠠᠳ ᠬᠤᠭᠤᠯᠠ ᠢᠳᠡᠬᠦ ᠨᠢ ᠡᠷᠡᠬᠦᠯ ᠮᠡᠨᠳᠣ ᠳᠤ ᠠᠰᠢᠭ ᠦᠭᠡᠢ ᠪᠠᠶᠢᠳᠠᠭ᠃       ᠨᠠᠢᠮᠠ᠂ ᠠᠵᠢᠯᠯᠠᠵᠦ ᠠᠮᠠᠷᠠᠬᠤ ᠪᠠᠨ ᠵᠣᠬᠢᠴᠠᠭᠤᠯᠬᠤ ᠬᠡᠷᠡᠭᠳᠠᠢ᠃ ᠬᠡᠳᠣᠷᠬᠡᠢ ᠶᠠᠳᠠᠷᠠᠬᠤ ᠨᠢ ᠡᠷᠡᠬᠦᠯ ᠮᠡᠨᠳᠣ ᠶᠢ ᠬᠤᠬᠢᠷᠠᠭᠤᠯᠣᠨ᠎ᠠ᠃       ᠶᠢᠰᠦ᠂ ᠬᠡᠳᠣᠢ ᠶᠠᠭᠠᠷᠠᠤ ᠪᠠᠶᠢᠭᠰᠡᠨ ᠴᠦ ᠡᠳᠣᠷ ᠪᠦᠷᠢ ᠭᠡᠷ ᠤᠨ ᠬᠦᠮᠣᠰ ᠲᠠᠢ ᠪᠠᠨ ᠨᠡᠶᠢᠯᠡᠵᠦ ᠬᠡᠯᠡᠯᠴᠡᠵᠦ ᠶᠠᠷᠢᠯᠴᠠᠵᠦ ᠵᠣᠭᠤᠭᠳᠠᠬᠤ ᠬᠡᠷᠡᠭᠳᠠᠢ᠃ ᠢᠩᠬᠢᠬᠦ ᠨᠢ ᠠᠵᠢᠯ ᠤᠨ ᠲᠠᠷᠣᠭᠠᠰᠣ ᠶᠢ ᠬᠦᠩᠭᠡᠯᠡᠵᠦ᠂ ᠶᠠᠳᠠᠷᠠᠭ᠎ᠠ ᠶᠢ ᠲᠠᠶᠢᠯᠠᠬᠤ ᠳᠤ ᠲᠣᠰᠠᠳᠠᠢ ᠪᠠᠶᠢᠳᠠᠭ᠃      ᠠᠷᠪᠠ᠂ ᠰᠠᠶᠢᠳᠣᠷ ᠣᠨᠳᠠᠵᠦ ᠠᠮᠠᠷᠠᠬᠤ ᠬᠡᠷᠡᠭᠳᠠᠢ᠃ ᠰᠠᠶᠢᠳᠣᠷ ᠣᠨᠳᠠᠵᠦ ᠠᠮᠠᠷᠠᠬᠤ ᠨᠢ ᠪᠡᠶ᠎ᠡ ᠶᠢᠨ ᠡᠷᠡᠬᠦᠯ ᠮᠡᠨᠳᠣ ᠶᠢ ᠪᠠᠳᠣᠯᠠᠬᠤ ᠴᠢᠬᠤᠯᠠ ᠨᠢᠭᠡ ᠨᠦᠬᠦᠴᠡᠯ ᠪᠣᠯᠣᠨ᠎ᠠ᠃
ᠢᠷᠡᠯᠲᠡ᠄ ᠲᠣᠲᠣᠷᠬᠠᠢ ᠦᠭᠡᠢ