ᠪᠤᠴᠠᠯᠤᠭᠰᠠᠨ ᠤᠰᠤᠨ ᠤ ᠭᠠᠶᠢᠬᠠᠯᠳᠠᠢ ᠭᠡᠷᠡᠭᠴᠡᠭᠡ
ᠨᠡᠶᠢᠲᠡᠯᠡᠭᠰᠡᠨ ᠴᠠᠭ᠄
2022/10/24
      ᠪᠤᠴᠠᠯᠤᠭᠰᠠᠨ ᠪᠦᠯᠢᠶᠠᠨ ᠤᠰᠤ ᠭᠡᠳᠡᠭ ᠪᠤᠯ ᠤᠰᠤ ᠶᠢ ᠪᠤᠴᠠᠯᠭᠠᠭᠠᠳ ᠬᠦᠷᠦᠭᠡᠵᠤ 25 — 30 ᠭᠷᠡᠳᠦ᠋ᠰ ᠪᠤᠯᠭᠠᠬᠤ ᠶᠢ ᠭᠡᠯᠡᠵᠤ ᠪᠠᠶᠢᠨ᠎ᠠ᠃ ᠪᠤᠴᠠᠯᠤᠭᠰᠠᠨ ᠪᠦᠯᠢᠶᠡᠨ ᠤᠰᠤ ᠶᠢ ᠦᠷᠬᠦᠯᠵᠢ ᠤᠤᠭᠤᠬᠤ ᠨᠢ ᠪᠡᠶ᠎ᠠ ᠳᠤ ᠲᠤᠰᠠᠳᠠᠢ ᠪᠦᠭᠡᠳ ᠪᠠᠰᠠ ᠮᠠᠰᠢ ᠭᠠᠶᠢᠬᠠᠯᠳᠠᠢ ᠭᠡᠷᠡᠭᠴᠡᠭᠡ ᠲᠠᠢ ᠪᠠᠶᠢᠳᠠᠭ᠃ ᠤᠰᠤ ᠶᠢ ᠪᠤᠴᠠᠯᠭᠠᠭᠰᠠᠨ ᠤ ᠲᠠᠷᠠᠭ᠎ᠠ ᠾᠯᠤᠷ ᠵᠡᠷᠭᠡ ᠬᠤᠤᠷᠳᠤ ᠪᠤᠳᠠᠰ ᠨᠢ ᠠᠭᠤᠷᠰᠢᠵᠤ ᠠᠷᠢᠯᠳᠠᠭ ᠪᠦᠭᠡᠳ ᠬᠦᠮᠤᠨ ᠤ ᠪᠠᠶ᠎ᠠ ᠮᠠᠬᠠᠪᠤᠳ ᠲᠤ ᠲᠤᠰᠠᠳᠠᠢ ᠰᠢᠮ᠎ᠡ ᠲᠡᠵᠢᠭᠡᠯᠳᠤ ᠪᠤᠳᠠᠰ ᠨᠢ ᠬᠠᠷᠢᠨ ᠬᠤᠷᠤᠭᠳᠠᠬᠤ ᠦᠭᠡᠢ ᠪᠠᠶᠢᠳᠠᠭ᠃ ᠬᠦᠷᠦᠭᠡᠭᠰᠡᠨ ᠪᠤᠴᠠᠯᠤᠭᠰᠠᠨ ᠤᠰᠤ ᠲᠠᠢ ᠬᠠᠷᠢᠴᠠᠭᠤᠯᠪᠠᠯ ᠪᠦᠯᠢᠶᠠᠨ ᠤᠰᠤ ᠪᠠᠷ ᠠᠮᠠ ᠪᠠᠨ ᠵᠠᠶᠢᠯᠪᠠᠯ ᠠᠮᠠᠨ ᠬᠦᠨᠳᠡᠢ ᠶᠢ ᠴᠡᠪᠡᠷᠰᠢᠬᠦᠯᠳᠡᠭ᠃ ᠪᠤᠴᠠᠯᠤᠭᠰᠠᠨ ᠪᠦᠯᠢᠶᠠᠨ ᠤᠰᠤ ᠨᠢ ᠴᠡᠪᠡᠷᠭᠡᠨ ᠪᠦᠭᠡᠳ ᠲᠠᠭᠠᠳᠠᠢ ᠪᠠᠶᠢᠵᠤ᠂ ᠰᠠᠶᠢᠨ ᠰᠠᠶᠢᠬᠠᠨ ᠬᠠᠮᠠᠭᠠᠯᠠᠬᠤ ᠰᠢᠩᠭᠡᠨ ᠪᠤᠯᠬᠤ ᠶᠤᠮ᠃ ᠲᠡᠷᠡ ᠨᠢ ᠠᠮᠠᠨ ᠬᠦᠨᠳᠡᠢ ᠪᠠ ᠬᠤᠭᠤᠯᠠᠢ ᠳᠤ ᠰᠡᠳᠡᠯᠳᠡ ᠦᠭᠬᠦ ᠦᠭᠡᠢ ᠪᠢᠯᠡ᠃ ᠪᠤᠴᠠᠯᠤᠭᠰᠠᠨ ᠪᠦᠯᠢᠶᠠᠨ ᠤᠰᠤ ᠪᠠᠷ ᠠᠮᠠ ᠪᠠᠨ ᠵᠠᠶᠢᠯᠬᠤ ᠨᠢ ᠠᠮᠠᠨ ᠬᠦᠨᠳᠡᠢ ᠶᠢᠨ ᠪᠠᠺᠲ᠋ᠧᠷᠢ᠂ ᠢᠳᠡᠭᠡᠨ ᠤ ᠰᠢᠭᠠᠷᠤ ᠶᠢ ᠠᠷᠢᠯᠭᠠᠬᠤ ᠦᠢᠯᠡᠳᠤᠯ ᠲᠠᠢ ᠶᠤᠮ᠃      ᠪᠤᠴᠠᠯᠤᠭᠰᠠᠨ ᠪᠦᠯᠢᠶᠠᠨ ᠤᠰᠤ ᠪᠠᠷ ᠰᠢᠳᠤ ᠱᠤᠸᠠᠵᠠᠳᠠᠪᠠᠯ ᠰᠢᠳᠤᠨ ᠪᠤᠶᠢᠯᠠ ᠶᠢ ᠬᠠᠮᠠᠭᠠᠯᠠᠳᠠᠭ᠃ ᠠᠨᠠᠭᠠᠬᠤ ᠤᠬᠠᠭᠠᠨ ᠤ ᠰᠤᠳᠤᠯᠭᠠᠨ ᠳᠤ ᠬᠠᠷᠠᠭᠤᠯᠤᠭᠰᠠᠨ ᠨᠢ ᠰᠢᠳᠤᠨ ᠤ ᠰᠢᠨ᠎ᠠ ᠬᠠᠭᠤᠴᠢᠨ ᠤ ᠰᠤᠯᠢᠭᠳᠠᠯ ᠭᠢᠳᠡᠭ ᠬᠠᠮᠤᠭ ᠤᠨ ᠲᠤᠬᠢᠷᠠᠮᠵᠢᠳᠠᠢ ᠲᠤᠯᠠᠭᠠᠨ ᠤ ᠭᠡᠮᠵᠢᠶ᠎ᠠ ᠨᠢ 35 ᠭᠷᠡᠳᠦ᠋ᠰ ᠤᠷᠴᠢᠮ ᠪᠠᠶᠢᠳᠠᠭ᠃ ᠭᠡᠷᠪᠡ ᠰᠢᠳᠤ ᠱᠤᠸᠠᠵᠠᠳᠠᠬᠤ ᠳᠤ ᠪᠠᠨ ᠤᠰᠤᠨ ᠤ ᠲᠤᠯᠠᠭᠠᠨ ᠢ ᠠᠩᠬᠠᠷᠬᠤ ᠦᠭᠡᠢ ᠪᠤᠯ ᠬᠢᠯᠪᠠᠷᠬᠠᠨ ᠢᠶᠠᠷ ᠰᠢᠳᠤᠨ ᠪᠦᠢᠯᠠ ᠠᠴᠠ ᠴᠢᠰᠤ ᠭᠠᠷᠬᠤ ᠪᠤᠶᠤ ᠲᠠᠳᠠᠯᠳᠤᠵᠤ᠂ ᠰᠢᠳᠤ ᠶᠢ ᠡᠷᠳᠡ ᠤᠨᠠᠬᠤ ᠪᠤᠯᠭᠠᠳᠠᠭ᠃ ᠡᠷᠳᠡ ᠪᠤᠰᠤᠭᠠᠳ ᠪᠤᠴᠠᠯᠤᠭᠰᠠᠨ ᠪᠦᠯᠢᠶᠠᠨ ᠤᠰᠤ ᠨᠢᠭᠡ ᠴᠤᠮᠤ ᠤᠤᠭᠤᠪᠠᠯ ᠡᠷᠳᠡ ᠶᠢᠨ ᠬᠤᠭᠤᠯᠠ ᠶᠢ ᠰᠢᠩᠭᠡᠭᠡᠬᠦ ᠳᠤ ᠰᠠᠶᠢᠨ ᠪᠠᠶᠢᠳᠠᠭ᠃      ᠪᠤᠴᠠᠯᠤᠭᠰᠠᠨ ᠪᠦᠯᠢᠶᠠᠨ ᠤᠰᠤ ᠶᠢ ᠡᠷᠳᠡ ᠪᠤᠰᠤᠭᠠᠳ ᠤᠤᠭᠤᠪᠠᠯ ᠤᠰᠤ ᠬᠦᠷᠦᠭᠰᠡᠨ ᠭᠠᠵᠠᠷ ᠪᠤᠯᠭᠠᠨ ᠢ ᠴᠡᠪ ᠴᠡᠪᠡᠷᠭᠡᠨ ᠠᠷᠢᠯᠭᠠᠳᠠᠭ᠃ ᠬᠤᠳᠤᠭᠤᠳᠤ ᠭᠡᠳᠡᠰᠤ᠂ ᠡᠯᠢᠭᠡ ᠪᠦᠭᠡᠷ᠎ᠠ ᠶᠢᠨ ᠲᠠᠷᠤᠯᠳᠠ ᠶᠢ ᠬᠦᠡᠭᠭᠡᠷᠡᠬᠦᠯᠤᠨ᠂ ᠦᠳᠭᠡᠨ ᠮᠦᠷ ᠬᠠᠭᠠᠭᠳᠠᠬᠤ ᠶᠢ ᠬᠦᠡᠭᠭᠡᠷᠡᠬᠦᠯᠵᠤ᠂ ᠲᠠᠷᠢᠬᠢᠨ ᠰᠤᠳᠠᠯ ᠤᠨ ᠪᠦᠭᠯᠡᠷᠡᠯ ᠪᠠ ᠵᠢᠷᠤᠭᠡᠨ ᠪᠤᠯᠴᠢᠩ ᠤᠨ ᠲᠦᠭᠵᠢᠷᠠᠯ ᠡᠬᠦᠰᠬᠦ ᠶᠢ ᠲᠤᠷᠤᠭᠰᠢᠯᠠᠭᠤᠯᠵᠤ᠂ ᠪᠠᠰᠠ ᠡᠷᠳᠡ ᠶᠢᠨ ᠬᠤᠭᠤᠯᠠ ᠪᠠᠨ ᠰᠢᠩᠭᠡᠭᠡᠨ ᠠᠪᠬᠤ ᠳᠤ ᠲᠤᠰᠠᠯᠠᠳᠠᠭ᠃      ᠪᠤᠴᠠᠯᠤᠭᠰᠠᠨ ᠪᠦᠯᠢᠶᠠᠨ ᠤᠰᠤ ᠨᠢ ᠪᠠᠰᠠ ᠤᠯᠠᠭᠠᠨ ᠬᠤᠭᠤᠯᠠᠢ ᠳᠤ ᠨᠠᠭᠠᠯᠳᠤᠭᠰᠠᠨ ᠢᠳᠡᠭᠡᠨ ᠤ ᠰᠢᠭᠠᠷᠤ ᠶᠢ ᠤᠷᠤᠰᠬᠠᠨ ᠠᠷᠢᠯᠭᠠᠬᠤ ᠤᠨᠴᠠ ᠦᠢᠯᠡᠳᠤᠯ ᠲᠠᠢ ᠪᠠᠶᠢᠳᠠᠭ᠃      ᠠᠷᠢᠬᠢ ᠰᠡᠷᠬᠦᠭᠡᠬᠦ ᠦᠢᠯᠡᠳᠤᠯ ᠨᠢ ᠰᠠᠶᠢᠨ᠃ ᠠᠷᠢᠬᠢ ᠤᠤᠭᠤᠭᠠᠳ ᠰᠤᠭᠳᠤᠭᠰᠠᠨ ᠬᠦᠮᠤᠨ ᠳᠤ ᠭᠡᠳᠤᠨ ᠴᠤᠮᠤ ᠪᠤᠴᠠᠯᠤᠭᠰᠠᠨ ᠪᠦᠯᠢᠶᠠᠨ ᠤᠰᠤ ᠤᠤᠭᠤᠯᠭᠠᠪᠠᠯ ᠰᠫᠢᠷᠲ ᠢ ᠰᠢᠩᠭᠡᠷᠡᠬᠦᠯᠵᠤ᠂ ᠡᠯᠢᠭᠡ ᠶᠢ ᠬᠠᠮᠠᠭᠠᠯᠠᠬᠤ ᠪᠦᠭᠡᠳ ᠪᠠᠰᠠ ᠪᠦᠭᠡᠯᠵᠢᠬᠦ ᠠᠴᠠ ᠪᠤᠯᠵᠤ ᠠᠯᠳᠠᠭᠳᠠᠬᠤ ᠤᠰᠤ ᠶᠢ ᠨᠦᠬᠦᠪᠤᠷᠢᠯᠠᠵᠤ ᠪᠤᠯᠳᠠᠭ᠃
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ