ᠳᠡᠭᠡᠳᠤ ᠳᠤᠮᠳᠠᠳᠤ ᠶᠢᠨ18 ᠨᠠᠰᠤᠲᠠᠶ ᠰᠤᠷᠤᠭᠴᠢ 4 ᠠᠯᠲᠠᠨ ᠮᠧᠳᠠᠯ ᠣᠯᠪᠠ︕
ᠨᠡᠶᠢᠲᠡᠯᠡᠭᠰᠡᠨ ᠴᠠᠭ᠄
2022/10/19
     10 ᠰᠠᠷ᠎ᠠ ᠶᠢᠨ 18 ᠤ ᠡᠳᠦᠷ᠂  ᠶᠧᠵᠢᠫᠲ ᠤᠨ ᠺᠠᠶᠢᠷᠣ᠋  ᠳᠠᠬᠢ 2022 ᠣᠨ ᠤ ᠣᠯᠠᠨ ᠤᠯᠤᠰ ᠤᠨ ᠫᠤᠤᠳᠠᠯᠭ᠎ᠠ ᠶᠢᠨ ᠬᠤᠯᠪᠣᠭᠠᠨ ᠤ ᠭᠠᠷ ᠫᠤᠤ ᠶᠢᠨ ᠫᠤᠤᠳᠠᠯᠭ᠎ᠠ ᠶᠢᠨ ᠳᠡᠯᠡᠬᠡᠶ ᠶᠢᠨ ᠮᠠᠩᠯᠠᠶ  ᠰᠢᠯᠭᠠᠷᠠᠭᠤᠯᠬᠤ  ᠤᠷᠤᠯᠳᠤᠭᠠᠨ ᠦᠷᠭᠦᠯᠵᠢᠯᠡᠨ ᠶᠠᠪᠤᠭᠳᠠᠵᠤ᠂ ᠣᠳᠣ ᠪᠣᠯᠲᠠᠯ᠎ᠠ ᠰᠧᠴᠣᠸᠠᠨ ᠮᠤᠵᠢ ᠶᠢᠨ ᠨᠠᠨ ᠴᠦᠩ ᠤᠨ 18 ᠨᠠᠰᠤᠲᠠᠢ ᠲᠠᠮᠢᠷᠴᠢᠨ ᠫᠠᠩ ᠢᠦᠶ ᠴᠢᠶᠠᠨ ᠳᠥᠷᠪᠡᠨ ᠠᠯᠲᠠᠨ ᠮᠧᠳᠠᠯ ᠣᠯᠵᠤ᠂ ᠲᠤᠰ ᠬᠤᠭᠤᠴᠠᠭᠠᠨ ᠤ ᠳᠡᠯᠡᠬᠡᠶ ᠶᠢᠨ ᠮᠠᠩᠯᠠᠶ ᠰᠢᠯᠭᠠᠷᠠᠭᠤᠯᠬᠤ ᠤᠷᠤᠯᠳᠤᠭᠠᠨ ᠤ ᠲᠠᠯᠠᠪᠤᠷ ᠲᠤ ᠭᠢᠯᠠᠷᠠᠭᠤᠯᠵᠤ ᠪᠠᠶᠢᠨ᠎ᠠ᠃             ᠫᠠᠩ ᠢᠦᠶ ᠴᠢᠶᠠᠨ ᠲᠤᠰ  ᠬᠤᠭᠤᠴᠠᠭᠠᠨ ᠤ  ᠳᠡᠯᠡᠬᠡᠶ ᠶᠢᠨ ᠮᠠᠩᠯᠠᠶ ᠰᠢᠯᠭᠠᠷᠠᠭᠤᠯᠬᠤ ᠤᠷᠤᠯᠳᠤᠭᠠᠨ ᠤ ᠵᠠᠯᠠᠭᠤᠴᠤᠳ ᠤᠨ ᠳᠤᠭᠤᠶᠢᠯᠠᠩ ᠤᠨ 50 ᠮᠧᠲᠷ ᠤᠨ ᠶᠠᠪᠠᠭᠠᠨ ᠫᠤᠤ ᠶᠢᠨ ᠭᠤᠷᠪᠠᠨ ᠬᠡᠯᠪᠡᠷᠢ ᠪᠠᠶᠢᠷᠢ ᠶᠢᠨ ᠬᠤᠪᠢ ᠬᠥᠮᠦᠨ ᠤ ᠤᠷᠤᠯᠳᠤᠭᠠᠨ᠂ ᠡᠮᠡᠭᠲᠡᠶ ᠶᠢᠨ 50 ᠮᠧᠲᠷ ᠤᠨ ᠶᠠᠪᠠᠭᠠᠨ ᠫᠤᠤ ᠶᠢᠨ ᠭᠤᠷᠪᠠᠨ ᠬᠡᠯᠪᠡᠷᠢ ᠪᠠᠶᠢᠷᠢ ᠶᠢᠨ ᠬᠠᠮᠲᠤ ᠶᠢᠨ ᠤᠷᠤᠯᠳᠤᠭᠠᠨ᠂50 ᠮᠧᠲᠷ ᠤᠨ ᠶᠠᠪᠠᠭᠠᠨ ᠫᠤᠤ ᠶᠢᠨ ᠭᠤᠷᠪᠠᠨ ᠬᠡᠯᠪᠡᠷᠢ ᠪᠠᠶᠢᠷᠢ ᠶᠢᠨ ᠬᠤᠯᠢᠮᠠᠭ ᠬᠠᠮᠲᠤ ᠶᠢᠨ ᠤᠷᠤᠯᠳᠤᠭᠠᠨ᠂ 50 ᠮᠧᠲᠷ ᠤᠨ ᠶᠠᠪᠠᠭᠠᠨ ᠫᠤᠤ ᠶᠢᠨ ᠬᠡᠪᠲᠡᠭᠡ ᠫᠤᠤᠳᠠᠯᠭ᠎ᠠ ᠶᠢᠨ ᠬᠤᠯᠢᠮᠠᠭ ᠬᠠᠮᠲᠤ ᠶᠢᠨ ᠤᠷᠤᠯᠳᠤᠭᠠᠨ ᠤ 4 ᠠᠯᠲᠠᠨ ᠮᠧᠳᠠᠯ ᠢ ᠲᠤᠰ ᠲᠤᠰ ᠤᠯᠤᠭᠠᠳ ᠪᠤᠢ᠃             ᠫᠠᠩ ᠢᠦᠶ ᠴᠢᠶᠠᠨ ᠡᠨᠡ ᠵᠢᠯ 18 ᠨᠠᠰᠤᠲᠠᠶ᠂  ᠨᠠᠨᠴᠦ᠋ᠩ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠶᠢᠨ ᠭᠤᠷᠪᠠᠳᠤᠭᠠᠷ ᠣᠨ ᠤ ᠰᠣᠷᠣᠭᠴᠢ ᠪᠤᠯᠤᠨ᠎ᠠ᠃ 2016 ᠣᠨ ᠳᠤ᠂  ᠲᠡᠷᠡ ᠨᠠᠨᠴᠦ᠋ᠩ ᠳᠡᠭᠡᠳᠤ ᠵᠡᠷᠭᠡ ᠶᠢᠨ ᠳᠤᠮᠳᠠᠳᠤ ᠰᠤᠷᠭᠠᠭᠤᠯᠢ ᠶᠢᠨ ᠫᠤᠤᠳᠠᠯᠭ᠎ᠠ ᠶᠢᠨ ᠠᠩᠭᠢ ᠳᠤ ᠰᠣᠩᠭᠤᠭᠳᠠᠵᠤ᠂  2021 ᠣᠨ ᠳᠤ ᠰᠢᠯᠢᠳᠡᠭ ᠬᠢᠷᠢ ᠪᠦᠲᠦᠮᠵᠢ ᠪᠠᠷ ᠤᠯᠤᠰ ᠤᠨ ᠠᠩᠭᠢ ᠳᠤ ᠰᠣᠩᠭᠤᠭᠳᠠᠪᠠ᠃ ᠲᠡᠷᠡ ᠫᠤᠤᠳᠠᠯᠭ᠎ᠠ ᠶᠢᠨ ᠲᠤᠰᠬᠠᠶ  ᠮᠡᠷᠭᠡᠵᠢᠯ ᠤᠨ ᠪᠣᠯᠪᠠᠰᠤᠷᠠᠯ ᠳᠤ ᠤᠷᠤᠯᠴᠠᠳᠠᠭ ᠪᠣᠯᠪᠠᠴᠤ ᠰᠣᠶᠣᠯ ᠤᠨ ᠬᠢᠴᠢᠶᠡᠯ ᠠᠴᠠ ᠬᠤᠴᠤᠷᠠᠳᠠᠭ ᠦᠭᠡᠢ᠂ ᠪᠣᠯᠪᠠᠰᠤᠷᠠᠯ ‍ᠤᠨ‌‍ᠴᠢᠯᠥᠭᠡ ᠪᠠᠷ ᠢᠶᠠᠨ ᠰᠦᠯᠵᠢᠶᠡᠨ ᠤ ᠬᠢᠴᠢᠶᠡᠯ ‍ᠤᠨ‌‍ᠰᠤᠷᠤᠯᠴᠠᠯᠭ᠎ᠠ ᠳᠤ ᠤᠷᠤᠯᠴᠠᠳᠠᠭ ᠪᠠᠶᠢᠨ᠎ᠠ᠃ ᠵᠠᠯᠭᠠᠭᠠᠳ᠂ ᠫᠠᠩ ᠢᠦᠶ ᠴᠢᠶᠠᠨ  ᠪᠠᠰᠠ  ᠵᠠᠯᠠᠭᠤᠴᠤᠳ ᠤᠨ ᠳᠤᠭᠤᠶᠢᠯᠠᠩ ᠤᠨ ᠡᠮᠡᠭᠲᠡᠶ ᠶᠢᠨ 10 ᠮᠧᠲᠷ ᠤᠨ ᠬᠡᠶᠢᠲᠦ ᠶᠠᠪᠠᠭᠠᠨ ᠫᠤᠤ ᠶᠢᠨ ᠤᠷᠤᠯᠳᠤᠭᠠᠨ ᠳᠤ ᠣᠷᠣᠯᠴᠠᠬᠤ ᠪᠣᠯᠤᠨ᠎ᠠ᠃
ᠢᠷᠡᠯᠲᠡ᠄ ᠠᠷᠠᠳ ᠤᠨ ᠰᠦᠯᠵᠢᠶ᠎ᠡ