ᠵᠥᠪᠬᠡᠨ ᠤᠰᠤ ᠪᠠᠷ ᠲᠣᠯᠣᠭᠠᠢ ᠪᠠᠨ ᠤᠬᠢᠶᠠᠪᠠᠯ ᠬᠠᠯᠵᠠᠷᠠᠬᠤ ᠶᠢ ᠵᠠᠰᠠᠨ᠎ᠠ︖
ᠨᠡᠶᠢᠲᠡᠯᠡᠭᠰᠡᠨ ᠴᠠᠭ᠄
2022/10/18
     ᠣᠶᠢᠷ᠎ᠠ ᠳᠤ᠂ ᠨᠢᠬᠡ  ᠡᠷᠡᠭᠲᠡᠢ  ᠬᠠᠭᠠᠰ  ᠵᠢᠯ ᠤᠨ  ᠳᠣᠷᠰᠢ  ᠴᠡᠪᠡᠷ  ᠤᠰᠤ ᠪᠠᠷ  ᠲᠣᠯᠣᠭᠠᠢ ᠪᠠᠨ  ᠤᠬᠢᠶᠠᠬᠤ ᠶᠢ ᠪᠠᠷᠢᠮᠲᠠᠯᠠᠭᠰᠠᠨ ᠢᠶᠠᠷ᠂ ᠬᠠᠯᠵᠠᠷᠠᠬᠰᠠᠨ ᠲᠣᠯᠣᠭᠠᠢ ᠳᠤᠨᠢ  ᠬᠠᠷ᠎ᠠ  ᠦᠰᠦ  ᠤᠷᠭᠤᠯ᠎ᠠ  ᠭᠡᠬᠦ  ᠶᠠᠷᠢᠶ᠎ᠠ  ᠣᠯᠠᠨ ᠤ  ᠠᠩᠬᠠᠷᠤᠯ ᠢ ᠲᠠᠲᠠᠭᠰᠠᠨ ᠪᠠᠶᠢᠨ᠎ᠠ᠃                    10 ᠳ᠋ᠣᠭᠠᠷ ᠰᠠᠷ᠎ᠠ ᠶᠢᠨ 7 ᠤ ᠡᠳᠦᠷ᠂ ᠸᠠᠩ  ᠤᠪᠤᠬᠳᠦ  ᠡᠨᠡ  ᠡᠷᠡᠭᠳᠡᠢ  ᠰᠤᠷᠪᠤᠯᠵᠢᠯᠠᠭᠴᠢ ᠳᠤ  ᠬᠡᠯᠡᠬᠦ ᠳᠡᠭᠡᠨ᠂ ᠰᠦᠯᠵᠢᠶ᠎ᠠ ᠠᠰᠢᠬᠯᠠᠬᠴᠢᠳ ᠪᠤᠷᠤᠭᠤ ᠣᠶᠢᠯᠠᠭᠠᠯᠲᠠ ᠲᠠᠢ ᠪᠠᠶᠢᠵᠤ ᠮᠡᠳᠡᠨ᠎ᠡ᠂ ᠴᠡᠪᠡᠷ ᠤᠰᠤ ᠪᠠᠷ ᠲᠣᠯᠣᠭᠠᠢ ᠪᠠᠨ ᠤᠬᠢᠶᠠᠬᠤ  ᠨᠢ ᠬᠠᠮᠤᠭ ᠤᠨ ᠰᠠᠶᠢᠨ ᠠᠷᠭ᠎ᠠ ᠪᠢᠰᠢ᠂ ᠭᠡᠵᠢᠭᠡᠨ ᠤ ᠴᠢᠨᠠᠷ ᠢ ᠬᠤᠪᠢᠷᠠᠭᠤᠯᠬᠤ ᠶᠢᠨ ᠲᠥᠯᠥᠭᠡ ᠲᠡᠷᠡ ᠪᠠᠰᠠ  ᠠᠵᠢᠯᠯᠠᠵᠤ  ᠠᠮᠠᠷᠠᠬᠤ ᠪᠠ ᠢᠳᠡᠵᠦ ᠤᠤᠭᠤᠬᠤ ᠳᠠᠳᠬᠠᠯ ᠢᠶᠠᠨ ᠲᠣᠬᠢᠷᠠᠭᠤᠯᠤᠭᠰᠠᠨ ᠶᠤᠮ ᠭᠡᠵᠡᠢ᠃                     ᠸᠠᠩ ᠠᠪᠤᠭᠠᠢ ᠡᠨᠡ ᠵᠢᠯ 39 ᠨᠠᠰᠤᠲᠠᠢ᠂ ᠵᠧᠵᠢᠶᠠᠩ ᠤᠨ ᠬᠠᠩᠵᠧᠦ ᠳᠤ  ᠠᠮᠢᠳᠣᠷᠠᠳᠠᠭ᠂  2017  ᠣᠨ  ᠠᠴᠠ ᠡᠬᠢᠯᠡᠨ  ᠬᠡᠵᠢᠬᠡ  ᠨᠢ  ᠤᠨᠠᠵᠤ  ᠬᠠᠯᠵᠠᠷᠠᠬᠰᠠᠨ   ᠪᠠᠶᠢᠨ᠎ᠠ᠃   ᠲᠡᠷᠡ   ᠰᠤᠷᠪᠤᠯᠵᠢᠯᠠᠭᠴᠢ ᠳᠤ   ᠲᠠᠨᠢᠯᠴᠠᠭᠤᠯᠬᠤ ᠳᠠᠭᠠᠨ᠂ ᠥᠩᠭᠡᠷᠡᠭᠰᠡᠨ ᠳᠤ ᠳᠠᠶᠢᠯᠠᠯᠭ᠎ᠠ ᠣᠯᠠᠨ᠂ ᠰᠥᠨᠢᠵᠢᠨ ᠰᠠᠭᠤᠬᠤ᠂ ᠠᠷᠢᠬᠢᠳᠠᠬᠤ ᠪᠣᠯ ᠶᠡᠷᠦᠳᠡ ᠶᠢᠨ ᠶᠠᠪᠤᠳᠠᠯ᠂ ᠴᠢᠰᠤ ᠬᠠᠨᠳᠢᠪᠯᠠᠬᠤ ᠦᠶ᠎ᠡ ᠳᠤ ᠴᠢᠰᠤᠨ ᠤ ᠪᠠᠶᠢᠴᠠᠭᠠᠯᠲᠠ ᠨᠢ ᠴᠥᠮ ᠪᠠᠷᠢᠮᠵᠢᠶ᠎ᠠ ᠳᠤ ᠬᠦᠷᠬᠦ ᠦᠭᠡᠢ ᠪᠠᠶᠢᠪᠠ ᠭᠡᠵᠡᠢ᠃                                   ᠳᠡᠭᠡᠭᠡᠳ ᠲᠡᠷᠡ ᠮᠠᠰᠢ ᠣᠯᠠᠨ ᠮᠠᠲ᠋ᠧᠷᠢᠶᠠᠯ ᠡᠷᠢᠵᠦ᠂ ᠮᠠᠰᠢ ᠣᠯᠠᠨ ᠲᠤᠭ᠎ᠠ ᠪᠠᠷᠢᠮᠲᠠ ᠶᠢ ᠦᠵᠡᠭᠰᠡᠨ ᠪᠥᠭᠡᠳ ᠪᠠᠰᠠ ᠰᠢᠮ᠎ᠡ ᠲᠡᠵᠢᠭᠡᠯ ᠤᠨ ᠲᠤᠬᠠᠢ ᠮᠡᠳᠡᠯᠭᠡ  ᠶᠢ ᠥᠪᠡᠷ ᠢᠶᠠᠨ ᠰᠣᠷᠣᠭᠰᠠᠨ ᠪᠠᠶᠢᠨ᠎ᠠ᠃ ᠸᠠᠩ  ᠠᠪᠤᠭᠠᠢ  ᠬᠡᠯᠡᠬᠦ ᠳᠡᠭᠡᠨ᠂  2021ᠣᠨ ᠤ 10 ᠳ᠋ᠣᠭᠠᠷ ᠰᠠᠷ᠎ᠠ ᠠᠴᠠ ᠡᠬᠢᠯᠡᠨ᠂ ᠲᠡᠷᠡ  ᠥᠪᠡᠷ ᠤᠨ  ᠠᠵᠢᠯᠯᠠᠵᠤ  ᠠᠮᠠᠷᠠᠬᠤ  ᠳᠠᠳᠬᠠᠯ ᠢᠶᠠᠨ  ᠥᠭᠡᠷᠡᠴᠢᠯᠡᠵᠦ᠂ᠪᠡᠶ᠎ᠡ ᠶᠢᠨ ᠲᠠᠮᠢᠷ ᠬᠢᠬᠦ ᠶᠢ ᠪᠠᠷᠢᠮᠳᠠᠯᠠᠵᠠᠢ᠃ ᠳᠡᠭᠡᠭᠡᠳ ᠡᠨᠡ ᠵᠢᠯ ᠤᠨ 4 ᠳ᠋ᠣᠭᠡᠷ ᠰᠠᠷ᠎ᠠ ᠠᠴᠠ ᠡᠬᠢᠯᠡᠵᠦ᠂  ᠤᠬᠢᠶᠠᠬᠤ ᠨᠤᠨᠲᠠᠭ ᠵᠠᠷᠣᠬᠤ ᠦᠬᠡᠢ ᠴᠡᠪᠡᠷ ᠤᠰᠤ ᠪᠠᠷ ᠲᠣᠯᠣᠭᠠᠢ ᠪᠠᠨ ᠣᠬᠢᠶᠠᠵᠦ ᠡᠬᠢᠯᠡᠪᠠ᠂ ᠪᠠᠷᠤᠭ ᠬᠠᠭᠠᠰ ᠰᠠᠷ᠎ᠠ ᠶᠢᠨ ᠳᠠᠷᠠᠭ᠎ᠠ᠂  ᠭᠡᠵᠢᠭᠡ  ᠨᠢ ᠳᠣᠰᠣᠷᠠᠬᠤ  ᠪᠠᠨ ᠪᠠᠶᠢᠵᠦ᠂ ᠲᠣᠯᠣᠭᠠᠢ ᠳᠡᠭᠡᠷ᠎ᠡ ᠨᠢ ᠤᠯᠠᠭᠠᠨ ᠶᠠᠷ᠎ᠡ ᠭᠠᠷᠬᠤ ᠦᠭᠡᠢ ᠪᠣᠯᠵᠠᠢ᠂   ᠪᠠᠷᠤᠭ  ᠭᠤᠷᠪᠠᠨ ᠰᠠᠷ᠎ᠠ ᠵᠢᠨ‌‍ᠲ᠋ᠠᠷᠠᠭ᠎ᠠ᠂ ᠤᠤᠯ ᠤᠨ ᠬᠠᠯᠵᠠᠷᠠᠬᠰᠠᠨ ᠭᠠᠵᠠᠷ ᠲᠤ ᠰᠢᠨ᠎ᠡ ᠦᠰᠦ ᠤᠷᠭᠤᠵᠤ ᠡᠬᠢᠯᠡᠵᠡᠢ᠃  ᠸᠠᠩ ᠠᠪᠤᠭᠠᠢ ᠬᠡᠯᠡᠬᠦ ᠳᠡᠭᠡᠨ᠂ ᠵᠠᠷᠢᠮ ᠰᠦᠯᠵᠢᠶᠡᠨ ᠤ ᠨᠠᠶᠢᠵᠠ ᠨᠠᠷ ᠤᠨ ᠣᠶᠢᠯᠠᠭᠠᠯᠲᠠ ᠵᠢᠭᠠᠬᠠᠨ ᠵᠥᠷᠢᠶ᠎ᠡ ᠲᠠᠢ ᠪᠠᠶᠢᠵᠤ ᠮᠡᠳᠡᠨ᠎ᠡ᠂  ᠦᠨᠡᠨ ᠳᠡᠭᠡᠨ  ᠦᠰᠦ  ᠬᠡᠵᠢᠬᠡ ᠤᠨᠠᠬᠤ ᠶᠢ ᠵᠠᠰᠠᠬᠤ ᠳᠤ᠂ ᠴᠡᠪᠡᠷ ᠤᠰᠤ ᠪᠠᠷ ᠲᠣᠯᠣᠭᠠᠢ ᠪᠠᠨ ᠤᠬᠢᠶᠠᠬᠤ ᠨᠢ ᠵᠥᠪᠬᠡᠨ ᠨᠢᠭᠡ ᠯᠡ ᠲᠠᠯ᠎ᠠ ᠶᠢᠨ  ᠠᠷᠭ᠎ᠠ  ᠶᠤᠮ᠃ ᠡᠭᠦᠨ ᠠᠴᠠ ᠭᠠᠳᠠᠨ᠎ᠠ᠂ ᠪᠠᠰᠠ ᠪᠡᠶ᠎ᠡ ᠮᠠᠬᠠᠪᠤᠳ ᠢᠶᠠᠨ ᠪᠤᠯᠪᠠᠰᠤᠷᠠᠭᠤᠯᠵᠤ᠂ ᠠᠵᠢᠯᠯᠠᠵᠤ ᠠᠮᠠᠷᠠᠬᠤ ᠳᠠᠳᠬᠠᠯ ᠢᠶᠠᠨ ᠥᠭᠡᠷᠡᠴᠢᠯᠡᠬᠦ ᠬᠡᠷᠡᠭᠲᠡᠢ ᠭᠡᠵᠡᠢ᠃
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ