ᠸᠢᠴᠠᠲ ᠲᠤ ᠡᠶᠢᠮᠦ ᠵᠤᠶᠢᠯ ᠢᠯᠡᠷᠡᠪᠡᠯ ᠪᠤᠯᠭᠤᠮᠵᠢᠯᠠ︕
ᠨᠡᠶᠢᠲᠡᠯᠡᠭᠰᠡᠨ ᠴᠠᠭ᠄
2022/10/18
     ᠤᠳᠤ ᠶᠢᠨ ᠬᠦᠮᠦᠰ ᠶᠡᠷᠦᠨᠢ ᠸᠢᠴᠠᠲ᠂ ᡁᠢ  ᠹᠦ᠋ ᠪᠤᠤ  ᠪᠠᠷ ᠲᠤᠭᠠᠴᠠᠭ᠎ᠠ ᠬᠢᠳᠡᠭ  ᠪᠤᠯᠤᠯ᠎ᠠ᠃  ᠬᠡᠷᠪᠡ ᠲᠠᠨ ᠤ ᠸᠢᠴᠠᠲ ᠤᠨ ᠶᠠᠷᠢᠯᠴᠠᠭᠠᠨ ᠤ ᠳᠣᠮᠳᠠ ᠭᠡᠨᠡᠳᠲᠡ ᠡᠶᠢᠮᠦ ᠵᠤᠶᠢᠯ ᠢᠯᠡᠷᠡᠪᠡᠯ ᠪᠤᠯᠭᠤᠮᠵᠢᠯᠠᠬᠤ ᠬᠡᠷᠡᠭᠲᠡᠢ ᠶᠤᠮ ᠪᠠᠶᠢᠨ᠎ᠠ᠃            ᠰᠢᠶᠣᠣ ᠴᠧᠨ ᠥᠨᠥᠬᠡᠨ ᠥᠲᠥᠨ ᠪᠥᠮᠪᠦᠭᠡ ᠶᠢᠨ QQ ᠶᠢᠨ ᠬᠤᠯᠪᠤᠭᠠᠨ ᠳᠤ ᠣᠷᠣᠵᠦ᠂  ᠰᠢᠨ᠎ᠡ  ᠪᠥᠮᠪᠦᠭᠡ ᠶᠢᠨ ᠫᠠᠶᠢᠰᠠ ᠬᠤᠳᠠᠯᠳᠤᠨ ᠠᠪᠬᠤ ᠬᠡᠰᠡᠨ ᠳᠤ ᠵᠠᠷᠢᠮ  ᠬᠦᠮᠦᠰ  ᠳᠡᠬᠦᠨ ᠢ  ᠪᠦᠷᠢᠳᠬᠡᠵᠦ ᠠᠪᠤᠭᠠᠳ ᠪᠦᠳᠦᠬᠡᠭᠳᠡᠬᠦᠨ ᠢᠶᠠᠨ ᠳᠠᠨᠢᠯᠴᠠᠭᠤᠯᠤᠬᠰᠠᠨ ᠪᠠᠶᠢᠪᠠ᠃ ᠶᠠᠭᠠᠬᠢᠭᠠᠳ ᠬᠤᠳᠠᠯᠳᠣᠭᠠᠨ ᠤ ᠲᠠᠪᠴᠠᠩ ᠳᠤ ᠠᠷᠠᠯᠵᠢᠶ᠎ᠠ ᠬᠢᠬᠦ ᠦᠬᠡᠢ ᠢᠩᠬᠢᠵᠦ ᠳᠠᠯᠳᠠᠭᠤᠷ ᠪᠤᠷᠤᠯᠠᠭᠤᠯᠵᠦ ᠪᠠᠶᠢᠭ᠎ᠠ ᠳᠣᠬᠠᠢ ᠰᠣᠨᠢᠷᠬᠠᠬᠰᠠᠨ ᠳᠤ ᠨᠦᠬᠦᠬᠡ ᠡᠳᠡᠭᠡᠳ ᠨᠢ ᠨᠠᠰᠦ ᠪᠠᠭ᠎ᠠ ᠣᠴᠢᠷ ᠲᠠᠪᠴᠠᠩ ᠳᠤ ᠪᠦᠷᠢᠳᠬᠡᠬᠦᠯᠵᠦ ᠴᠢᠳᠠᠬᠤ ᠦᠬᠡᠢ ᠬᠡᠳ QR ᠺᠤᠳ᠋ ᠶᠠᠪᠤᠭᠤᠯᠵᠦ ᠲᠤᠭᠠᠴᠠᠭ᠎ᠠ ᠬᠢᠬᠦ ᠶᠢ ᠱᠠᠭᠠᠷᠳᠠᠪᠠ᠃ ᠰᠢᠶᠣᠣ ᠴᠧᠨ ᠮᠦᠩᠬᠦ ᠰᠢᠯᠵᠢᠭᠦᠯᠬᠦ ᠦᠶ᠎ᠡ ᠳᠤ ᠸᠢᠴᠠᠲ ᠨᠢ ᠨᠥᠭᠦᠭᠡ ᠡᠲᠡᠭᠡᠳ ᠤᠨ ᠮᠦᠩᠬᠦᠨ ᠤ ᠳᠠᠩᠰᠠ ᠳᠤ ᠬᠡᠪ ᠤᠨ ᠪᠤᠰᠤ ᠦᠶᠯᠡ ᠠᠵᠢᠯᠯᠠᠭ᠎ᠠ ᠣᠷᠣᠰᠢᠵᠦ‌‍ᠪᠠᠶᠢᠭ᠎ᠠ ᠲᠤᠯᠠ᠂ ᠵᠣᠭᠤᠰ ᠬᠤᠷᠢᠶᠠᠬᠤ ᠶᠢ ᠬᠢᠵᠠᠭᠠᠷᠯᠠᠯ᠎ᠠ ᠭᠡᠰᠡᠨ ᠰᠠᠨᠠᠭᠤᠯᠭ᠎ᠠ ᠢᠯᠡᠷᠡᠭᠰᠡᠨ ᠪᠠᠶᠢᠨ᠎ᠠ᠃ ᠡᠬᠢᠨ ᠳᠡᠭᠡᠨ ᠲᠡᠷᠡ‌ᠡᠭᠦᠨ ᠳᠤ ᠰᠡᠵᠢᠭ ᠲᠠᠢ ᠪᠠᠶᠢᠬᠰᠠᠨ ᠴᠦ ᠨᠥᠭᠦᠭᠡ ᠡᠲᠡᠭᠡᠳ ᠨᠢ ᠰᠢᠶᠣᠣ ᠴᠧᠨ ᠳᠤ ᠪᠡᠶ᠎ᠡ ᠶᠢᠨ ᠦᠨᠡᠮᠯᠡᠯ᠂  ᠭᠡᠷᠡᠴᠢ  ᠪᠢᠴᠢᠭ᠂ ᠱᠠᠩᠨᠠᠯ ᠤᠨ ᠫᠠᠶᠢᠰᠠ ᠪᠠᠨ ᠬᠠᠷᠠᠭᠤᠯᠤᠬᠰᠠᠨ ᠳᠤ ᠳᠡᠬᠦᠨ ᠤ ᠰᠡᠵᠢᠭ ᠡᠷᠡᠭᠡᠯᠵᠡᠭᠡ ᠠᠯᠳᠠᠷᠠᠵᠦ᠂ 930 ᠲᠥᠭᠦᠷᠢᠭ ᠳᠣᠰᠢᠶᠠᠬᠰᠠᠨ ᠪᠠᠶᠢᠨ᠎ᠠ᠃ ᠳᠡᠮᠡᠢ ᠤᠳᠠᠬᠰᠠᠨ ᠦᠬᠡᠢ ᠨᠦᠬᠦᠬᠡ ᠬᠦᠮᠦᠨ ᠶᠠᠷᠢᠯᠴᠠᠭᠠᠨ ᠤ ᠬᠠᠭᠠᠯᠭ᠎ᠠ ᠪᠠᠨ ᠬᠠᠭᠠᠬᠰᠠᠨ ᠢ ᠬᠠᠷᠠᠭᠠᠳ ᠰᠠᠶ᠋ᠢ ᠮᠡᠬᠡᠯᠡᠭᠳᠡᠭᠰᠡᠨ ᠢᠶᠠᠨ ᠮᠡᠳᠡᠭᠰᠡᠨ ᠪᠠᠶᠢᠨ᠎ᠠ᠃            ᠴᠠᠭᠳᠠᠭᠠᠨ ᠤ ᠲᠠᠯ᠎ᠠ ᠶᠢᠨ ᠰᠠᠨᠠᠭᠤᠯᠤᠮᠵᠢ᠄ ᠸᠢᠴᠠᠲ ᠢᠶᠠᠷ ᠮᠦᠩᠬᠦ ᠰᠢᠯᠵᠢᠭᠦᠯᠬᠦ ᠦᠶᠡᠰ᠂ ᠳᠠᠷᠠᠭᠠᠬᠢ  ᠵᠣᠶᠢᠯᠡᠰ ᠠᠴᠠ ᠪᠤᠯᠭᠤᠮᠵᠢᠯᠠᠬᠤ ᠬᠡᠷᠡᠭᠳᠡᠢ ᠶᠤᠮ ᠪᠠᠶᠢᠨ᠎ᠠ  ᠃           
ᠢᠷᠡᠯᠲᠡ᠄ ᠲᠣᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ ᠶᠢᠨ ᠸᠢᠴᠠᠲ ᠲᠠᠪᠴᠠᠩ