ᠰᠢᠷ᠎ᠠ ᠲᠤᠰᠤᠨ ᠤ ᠠᠷᠪᠠᠨ ᠷᠢᠳᠢ ᠰᠢᠳᠢ
ᠨᠡᠶᠢᠲᠡᠯᠡᠭᠰᠡᠨ ᠴᠠᠭ᠄
2022/10/14
      ᠮᠣᠩᠭᠤᠯᠴᠤᠳ ᠤᠨ ᠡᠷᠲᠡᠨ ᠠᠴᠠ ᠬᠡᠷᠡᠭᠯᠡᠵᠦ ᠢᠷᠡᠭᠰᠡᠨ ᠰᠢᠷ᠎ᠠ ᠲᠤᠰᠤ ᠨᠢ ᠬᠦᠮᠦᠨ ᠤ ᠪᠡᠶ᠎ᠡ ᠶᠢᠨ ᠡᠷᠡᠭᠦᠯ ᠮᠡᠨᠳᠦ ᠳᠤ ᠮᠠᠰᠢ ᠠᠰᠢᠭᠲᠠᠢ᠃ ᠸᠢᠲ᠋ᠠᠮᠢᠨ A.E ᠢᠰᠦᠯᠳᠦᠬᠦ ᠶᠢ ᠡᠰᠡᠷᠭᠦᠴᠡᠯᠳᠦᠭᠴᠢ ᠮᠠᠰᠢ ᠪᠠᠶᠠᠯᠢᠭ ᠪᠠᠶᠢᠳᠠᠭ᠃ ᠢᠰᠦᠯᠳᠦᠬᠦ ᠶᠢ ᠡᠰᠡᠷᠭᠦᠴᠡᠯᠳᠦᠭᠴᠢ ᠨᠢ ᠴᠢᠯᠦᠭᠡᠲᠦ ᠪᠦᠯᠦᠭ ᠲᠠᠢ ᠲᠡᠮᠡᠴᠡᠵᠦ᠂ ᠵᠢᠷᠦᠬᠡ ᠰᠣᠳᠠᠰᠤ᠂ ᠦᠯᠦ ᠬᠠᠯᠳᠠᠭᠠᠬᠤ ᠰᠢᠰᠲ᠋ᠧᠮ ᠳᠤ ᠰᠠᠶᠢᠨ ᠢᠶᠠᠷ ᠨᠦᠯᠦᠭᠡᠯᠡᠳᠡᠭ ᠪᠠᠶᠢᠨ᠎ᠠ᠃       ᠰᠢᠷ᠎ᠠ ᠲᠣᠰᠤ ᠬᠡᠷᠡᠭᠯᠡᠬᠦ ᠠᠷᠪᠠᠨ ᠰᠢᠯᠲᠠᠭᠠᠨ᠄      1. ᠰᠢᠷ᠎ᠠ ᠲᠣᠰᠤ ᠨᠢ ᠪᠣᠰᠤᠳ ᠲᠤᠰᠤᠨ ᠠᠴᠠ ᠢᠯᠡᠭᠦᠦ ᠦᠨᠳᠦᠷ 160 — 190 ᠭᠷᠠᠳᠦ᠋ᠰ ᠲᠤ ᠬᠦᠷᠲᠡᠯ᠎ᠡ ᠲᠡᠰᠪᠦᠷᠢᠯᠡᠬᠦ ᠴᠢᠳᠠᠪᠤᠷᠢ ᠲᠠᠢ ᠪᠠᠶᠢᠳᠠᠭ᠂ ᠬᠤᠭᠤᠯᠠ ᠬᠢᠬᠦ ᠳᠤ ᠪᠣᠰᠤᠳ ᠲᠤᠰᠤᠨ ᠠᠴᠠ ᠢᠯᠡᠭᠦᠦ ᠲᠤᠬᠢᠷᠠᠮᠵᠢᠲᠠᠢ ᠪᠠᠶᠢᠳᠠᠭ᠃      2. ᠰᠠᠶᠢᠬᠠᠨ ᠠᠮᠲᠠᠲᠠᠢ᠃ ᠰᠢᠷ᠎ᠠ ᠲᠤᠰᠤ ᠨᠢ ᠪᠣᠰᠤᠳ ᠲᠣᠰᠤ ᠶᠢ ᠪᠣᠳᠣᠪᠠᠯ ᠢᠯᠡᠭᠦᠦ ᠦᠳᠭᠡᠨ᠂ ᠰᠠᠶᠢᠨ ᠱᠦᠭᠦᠭᠳᠡᠭᠰᠡᠨ ᠪᠠᠶᠢᠳᠠᠭ᠃ ᠬᠤᠭᠤᠯᠠᠨ ᠳᠤ ᠮᠠᠰᠢ ᠭᠤᠶᠤ ᠠᠮᠲᠠ ᠣᠷᠣᠭᠤᠯᠳᠠᠭ᠃      3. ᠬᠠᠳᠠᠭᠠᠯᠠᠯᠲᠠ ᠶᠢᠨ ᠬᠤᠭᠤᠴᠠᠭ᠎ᠠ ᠤᠷᠲᠤ᠃ ᠢᠰᠦᠯᠳᠦᠯ ᠤᠨ ᠲᠦᠪᠰᠢᠨ ᠪᠠᠭ᠎ᠠ ᠠᠴᠠ ᠬᠦᠷᠦᠭᠡᠭᠴᠢ ᠳᠤ ᠬᠢᠬᠦ ᠦᠭᠡᠢ ᠬᠠᠳᠠᠭᠠᠯᠠᠵᠤ ᠪᠣᠯᠳᠠᠭ᠃      4. ᠰᠢᠩᠭᠡᠴᠡ ᠨᠢ ᠬᠤᠷᠳᠤᠨ᠃ ᠬᠤᠳᠤᠭᠤᠳᠤᠨ ᠤ ᠱᠦᠭᠦᠷᠡᠯ ᠢ ᠦᠳᠦᠭᠡᠵᠦ ᠬᠤᠭᠤᠯᠠ ᠪᠣᠯᠪᠠᠰᠤᠷᠠᠭᠤᠯᠲᠠ ᠳᠤ ᠲᠤᠰᠠᠲᠠᠢ᠃      5. ᠦᠯᠦ ᠬᠠᠯᠳᠠᠭᠠᠬᠤ ᠰᠢᠰᠲ᠋ᠧᠮ ᠢ ᠰᠠᠶᠢᠵᠢᠷᠠᠭᠤᠯᠳᠠᠭ᠃ ᠰᠣᠳᠣᠯᠭᠠᠨ ᠢᠶᠠᠷ ᠰᠢᠷ᠎ᠠ ᠲᠣᠰᠤᠨ ᠤ ᠨᠠᠶᠢᠷᠠᠯᠭ᠎ᠠ ᠳᠤ ᠪᠠᠶᠢᠳᠠᠭ ᠹᠧᠨᠦᠯ ᠢᠰᠦᠯᠳᠦᠬᠦ ᠶᠢ ᠡᠰᠡᠷᠭᠦᠴᠡᠭᠴᠢ ᠨᠢ ᠦᠯᠦ ᠬᠠᠯᠳᠠᠭᠠᠬᠤ ᠰᠢᠰᠲ᠋ᠧᠮ ᠢ ᠰᠠᠶᠢᠵᠢᠷᠠᠭᠤᠯᠳᠠᠭ ᠢ ᠲᠤᠭᠲᠠᠭᠠᠵᠠᠢ᠃      6. ᠰᠦᠰᠦᠨ ᠤ ᠭᠤᠨᠠᠨ ᠠᠯᠺᠣᠯ ᠢ ᠪᠠᠭᠤᠷᠠᠭᠤᠯᠤᠨ᠎ᠠ᠃ ᠰᠢᠷ᠎ᠠ ᠲᠣᠰᠤᠨ ᠳᠤ ᠠᠭᠤᠯᠤᠭᠳᠠᠳᠠᠭ ᠬᠤᠯᠪᠤᠭᠰᠠᠨ ᠣᠯᠣᠰᠣᠨ ᠬᠦᠴᠢᠯ ᠨᠢ ᠪᠡᠶ᠎ᠡ ᠳᠤ ᠬᠢ ᠰᠦᠰᠦᠨ ᠤ ᠭᠤᠨᠠᠨ ᠠᠯᠺᠣᠯ ᠤᠨ ᠲᠦᠪᠰᠢᠨ ᠪᠣᠯᠣᠨ ᠭᠯᠢᠼᠧᠷᠢᠨ ᠤ ᠲᠦᠪᠰᠢᠨ ᠢ ᠪᠠᠭᠠᠰᠬᠠᠳᠠᠭ᠃      7. ᠨᠢᠳᠦᠨ ᠤ ᠬᠠᠷᠠᠭ᠎ᠠ ᠶᠢ ᠰᠠᠶᠢᠵᠢᠷᠠᠭᠤᠯᠳᠠᠭ᠃ ᠨᠢᠳᠦᠨ ᠤ ᠡᠮᠭᠡᠭ ᠪᠣᠯᠣᠨ ᠨᠢᠳᠦᠨ ᠤ ᠦᠯᠦ ᠬᠠᠯᠳᠠᠭᠠᠬᠤ ᠴᠢᠳᠠᠪᠤᠷᠢ ᠶᠢ ᠮᠠᠰᠢ ᠰᠠᠶᠢᠨ ᠢᠶᠠᠷ ᠨᠦᠯᠦᠭᠡᠯᠡᠳᠡᠭ᠃      8. ᠠᠷᠢᠬᠢ ᠪᠣᠯᠣᠨ ᠬᠠᠷ᠎ᠠ ᠲᠠᠮᠠᠬᠢᠨ ᠤ ᠡᠮᠴᠢᠯᠡᠭᠡ ᠪᠣᠯᠳᠠᠭ᠃ ᠬᠤᠤᠷᠲᠤ ᠪᠣᠳᠠᠰ ᠲᠤ ᠬᠤᠤᠷᠳᠠᠭᠳᠠᠭᠰᠠᠨ ᠪᠡᠶ᠎ᠡ ᠶᠢ ᠡᠷᠡᠭᠦᠯᠵᠢᠬᠦᠯᠬᠦ ᠳᠤ ᠰᠢᠷ᠎ᠠ ᠲᠣᠰᠤ ᠮᠠᠰᠢ ᠴᠢᠬᠤᠯᠠ ᠨᠦᠯᠦᠭᠡ ᠲᠠᠢ ᠪᠠᠶᠢᠳᠠᠭ᠃ ᠬᠤᠤᠷ ᠢ ᠪᠡᠶ᠎ᠡ ᠠᠴᠠ ᠬᠦᠭᠡᠭᠡᠵᠦ ᠭᠠᠷᠭᠠᠳᠠᠭ᠃      9. ᠦᠷᠪᠢᠰᠦᠯ ᠢ ᠡᠮᠨᠡᠳᠡᠭ᠃ ᠰᠢᠷ᠎ᠠ ᠲᠣᠰᠣ ᠨᠢ ᠦᠷᠪᠢᠰᠦᠯ ᠡᠭᠦᠰᠭᠡᠳᠡᠭ ᠯᠸᠢᠺᠣᠳ᠋ᠷᠢᠨ ᠱᠦᠭᠦᠷᠡᠯ᠂ ᠤᠷᠢᠳᠤ ᠪᠣᠯᠴᠢᠷᠬᠠᠢ ᠶᠢᠨ ᠰᠢᠩᠭᠡᠨ ᠢ ᠪᠠᠭᠠᠰᠬᠠᠵᠤ ᠲᠡᠭᠦᠨ ᠤ ᠡᠰᠡᠷᠭᠦ ᠮᠠᠰᠢ ᠰᠠᠶᠢᠨ ᠦᠢᠯᠡᠴᠢᠯᠡᠭᠡ ᠦᠵᠡᠭᠦᠯᠳᠡᠭ᠃      10. ᠵᠢᠩ ᠬᠠᠰᠤᠨ᠎ᠠ᠃ ᠰᠢᠷ᠎ᠠ ᠲᠣᠰᠣ ᠳᠤ ᠬᠢ ᠯᠢᠨᠦᠯᠧᠨᠢ ᠬᠦᠴᠢᠯ ᠨᠢ ᠪᠣᠳᠠᠰ ᠤᠨ ᠰᠣᠯᠢᠯᠴᠠᠭ᠎ᠠ ᠶᠢ ᠲᠦᠷᠭᠡᠳᠭᠡᠳᠡᠭ᠃ ᠮᠦᠨ ᠲᠤᠷᠠᠬᠤ ᠳᠤ ᠮᠠᠰᠢ ᠰᠠᠶᠢᠨ ᠦᠢᠯᠡᠴᠢᠯᠡᠭᠡ ᠲᠠᠢ ᠪᠠᠶᠢᠳᠠᠭ᠃ ᠢᠯᠠᠩᠭᠤᠶ᠎ᠠ ᠭᠡᠳᠡᠰᠦᠨ ᠤ ᠦᠭᠡᠬᠦ ᠶᠢ ᠬᠤᠷᠳᠤᠨ ᠠᠷᠢᠯᠭᠠᠳᠠᠭ᠃
ᠢᠷᠡᠯᠲᠡ᠄ ᠲᠣᠲᠣᠷᠬᠠᠢ ᠦᠭᠡᠢ