ᠥᠷᠯᠥᠭᠡ ᠴᠤᠺᠤᠯᠠᠨᠳ᠋ ᠢᠳᠡᠪᠡᠯ ᠲᠠᠨ ᠤ ᠪᠡᠶ᠎ᠡ ᠳᠤ ᠶᠠᠮᠠᠷ ᠡᠶᠡᠷᠭᠦ ᠥᠭᠡᠷᠡᠴᠢᠯᠡᠯᠲᠡ ᠭᠠᠷᠬᠤ ᠪᠤᠢ︖
ᠨᠡᠶᠢᠲᠡᠯᠡᠭᠰᠡᠨ ᠴᠠᠭ᠄
2022/10/14
      ᠬᠡᠷᠪᠡ ᠲᠠ ᠴᠤᠺᠤᠯᠠᠨᠳ᠋ ᠢ ᠵᠥᠪᠬᠡᠨ ᠬᠠᠶᠠ ᠢᠳᠡᠬᠦ ᠰᠤᠯᠠ ᠢᠳᠡᠭᠡᠨ ᠤ ᠲᠥᠷᠥᠯ ᠳᠤ ᠣᠷᠣᠭᠤᠯᠳᠠᠭ ᠪᠣᠯ ᠡᠨᠡ ᠨᠢ ᠪᠤᠷᠤᠭᠤ ᠶᠤᠮ᠃ ᠡᠮᠴᠢ ᠨᠠᠷ ᠴᠤᠺᠤᠯᠠᠨᠳ᠋ ᠢ ᠡᠮᠴᠢᠯᠡᠭᠡᠨ ᠤ ᠵᠣᠷᠢᠭᠤᠯᠤᠯᠲᠠ ᠪᠠᠷ ᠬᠡᠷᠡᠭᠯᠡᠬᠦ ᠶᠢ ᠬᠦᠷᠲᠡᠯ᠎ᠡ ᠵᠥᠪᠯᠡᠳᠡᠭ ᠪᠥᠭᠡᠳ ᠡᠳᠦᠷ ᠤᠨ ᠠᠯᠢ ᠴᠤ ᠦᠶ᠎ᠡ ᠳᠤ ᠬᠡᠷᠡᠭᠯᠡᠵᠦ ᠪᠣᠯᠳᠠᠭ ᠢᠶᠠᠷ ᠢᠶᠠᠨ ᠳᠠᠪᠠᠭᠤ ᠲᠠᠯ᠎ᠠ ᠲᠠᠢ ᠶᠤᠮ᠃ ᠢᠩᠭᠢᠭᠡᠳ ᠲᠠ ᠪᠦᠬᠦᠨ ᠳᠤ ᠴᠤᠺᠤᠯᠠᠨᠳ᠋ ᠢ ᠡᠳᠦᠷ ᠪᠦᠷᠢ᠂ ᠢᠯᠠᠩᠭᠤᠶ᠎ᠠ ᠥᠷᠯᠥᠭᠡᠨ ᠤ ᠴᠠᠢ ᠶᠢᠨ ᠦᠶ᠎ᠡ ᠪᠠᠷ ᠢᠳᠡᠬᠦ ᠶᠢᠨ ᠠᠴᠢ ᠲᠤᠰᠠ ᠶᠢᠨ ᠲᠠᠯ᠎ᠠ ᠪᠠᠷ ᠬᠦᠷᠭᠡᠵᠦ ᠪᠠᠶᠢᠨ᠎ᠠ᠃      1. ᠲᠠᠷᠢᠬᠢᠨ ᠤ ᠦᠢᠯᠡ ᠠᠵᠢᠯᠯᠠᠭ᠎ᠠ ᠰᠡᠷᠭᠦᠨ᠎ᠡ ᠬᠠᠷ᠎ᠠ ᠴᠤᠺᠤᠯᠠᠨᠳ᠋ ᠢ ᠭᠠᠷᠠᠭ ᠲᠤ ᠶᠠᠳᠠᠵᠤ ᠨᠢᠭᠡ ᠤᠳᠠᠭ᠎ᠠ ᠢᠳᠡᠳᠡᠭ ᠬᠦᠮᠦᠰ ᠰᠡᠳᠬᠢᠴᠡ ᠶᠢᠨ ᠪᠣᠯᠤᠨ ᠣᠢ ᠲᠣᠭᠲᠠᠭᠠᠯᠲᠠ ᠶᠢᠨ ᠶᠠᠩᠵᠤ ᠪᠦᠷᠢ ᠶᠢᠨ ᠰᠤᠷᠢᠯᠳᠠ ᠳᠤ ᠢᠯᠡᠭᠦᠦ ᠰᠠᠶᠢᠨ ᠤᠷᠤᠯᠴᠠᠬᠤ ᠬᠠᠨᠳᠤᠯᠭ᠎ᠠ ᠲᠠᠢ ᠪᠠᠶᠢᠳᠠᠭ ᠨᠢ ᠰᠤᠳᠤᠯᠭ᠎ᠠ ᠪᠠᠷ ᠲᠣᠭᠲᠠᠭᠠᠭᠳᠠᠵᠠᠢ᠃ ᠺᠠᠺᠠᠤ᠋ ᠨᠢ ᠲᠠᠷᠢᠬᠢᠨ ᠤ ᠴᠢᠰᠤᠨ ᠤ ᠬᠠᠩᠭᠠᠮᠵᠢ ᠶᠢ ᠨᠡᠮᠡᠭᠳᠡᠭᠦᠯᠳᠡᠭ ᠪᠥᠭᠡᠳ ᠲᠡᠳᠡᠭᠡᠷ ᠨᠢ ᠰᠤᠷᠬᠤ᠂ ᠰᠠᠨᠠᠬᠤ ᠣᠢ ᠶᠢ ᠬᠠᠷᠢᠭᠤᠴᠠᠳᠠᠭ ᠲᠠᠷᠢᠬᠢᠨ ᠤ ᠬᠡᠰᠡᠭ ᠤᠳ ᠲᠤ ᠰᠠᠶᠢᠨ ᠢᠶᠠᠷ ᠨᠥᠯᠦᠭᠡᠯᠡᠳᠡᠭ᠃ ᠲᠡᠶᠢᠮᠦ ᠠᠴᠠ᠂ ᠬᠡᠷᠪᠡ ᠲᠠ ᠲᠠᠷᠢᠬᠢ ᠪᠠᠨ ᠢᠳᠡᠪᠬᠡᠵᠢᠭᠦᠯᠬᠦ ᠶᠢ ᠬᠦᠰᠡᠵᠦ ᠪᠠᠶᠢᠪᠠᠯ ᠴᠤᠺᠤᠯᠠᠨᠳ᠋ ᠢᠳᠡᠭᠡᠷᠡᠢ᠃      2. ᠬᠤᠭᠤᠯᠠᠨ ᠤ ᠳᠤᠷᠠᠰᠢᠯ ᠪᠠᠭᠤᠷᠠᠭᠤᠯᠤᠨ᠎ᠠ ᠨᠢᠭᠡ ᠬᠠᠪᠲᠠᠭᠠᠢ ᠴᠤᠺᠤᠯᠠᠨᠳ᠋ ᠢᠳᠡᠪᠡᠯ ᠲᠠ ᠲᠤᠬᠠᠢ ᠶᠢᠨ ᠡᠳᠦᠷ ᠲᠡᠭᠡᠨ ᠢᠯᠡᠭᠦᠦ ᠵᠦᠢᠯ ᠢᠳᠡᠬᠦ ᠬᠦᠰᠡᠯ ᠦᠭᠡᠢ ᠪᠣᠯᠤᠨ᠎ᠠ᠃ ᠤᠴᠢᠷ ᠨᠢ ᠴᠤᠺᠤᠯᠠᠨᠳ᠋ ᠰᠢᠭ ᠥᠨᠳᠥᠷ ᠢᠯᠴᠢᠯᠢᠭ ᠲᠠᠢ ᠬᠦᠨᠡᠰᠦᠨ ᠤ ᠪᠦᠲᠦᠭᠡᠭᠳᠡᠬᠦᠨ ᠢ ᠪᠠᠭ᠎ᠠ ᠬᠡᠮᠵᠢᠶ᠎ᠡ ᠪᠠᠷ ᠢᠳᠡᠪᠡᠯ ᠢᠯᠡᠭᠦᠦ ᠢᠳᠡᠬᠦ ᠬᠦᠰᠡᠯ ᠪᠠᠭᠤᠷᠠᠳᠠᠭ ᠪᠠᠶᠢᠨ᠎ᠠ᠃ ᠡᠭᠦᠨ ᠤ ᠲᠤᠰᠠᠯᠠᠮᠵᠢ ᠲᠠᠢ ᠲᠠ ᠮᠠᠷᠢᠶ᠎ᠠ ᠪᠠᠨ ᠰᠢᠭᠤᠷᠠᠭᠤᠯᠵᠦ ᠪᠣᠯᠤᠨ᠎ᠠ᠃     3. ᠰᠡᠳᠬᠢᠯ ᠰᠠᠨᠠᠭ᠎ᠠ ᠶᠢ ᠳᠡᠭᠡᠷᠡᠳᠡᠭᠦᠯᠦᠨ᠎ᠡ ᠴᠤᠺᠤᠯᠠᠨᠳ᠋ ᠨᠢ ᠲᠠᠨ ᠤ ᠰᠡᠳᠬᠢᠯ ᠰᠠᠨᠠᠭ᠎ᠠ ᠶᠢ ᠰᠠᠶᠢᠵᠢᠷᠠᠭᠤᠯᠵᠤ᠂ ᠡᠶᠡᠷᠭᠦ ᠮᠡᠳᠡᠷᠡᠮᠵᠢ ᠶᠢ ᠪᠤᠢ ᠪᠣᠯᠭᠠᠳᠠᠭ᠃ ᠴᠤᠺᠤᠯᠠᠨᠳ᠋ ᠢᠳᠡᠬᠦ ᠨᠢ ᠡᠩᠳᠣᠷᠹᠢᠨ ᠤ ᠨᠡᠶᠢᠯᠡᠭᠵᠢᠯᠲᠡ ᠶᠢ ᠢᠳᠡᠪᠬᠢᠵᠢᠭᠦᠯᠵᠦ᠂ ᠪᠤᠰᠤᠳ ︽ᠡᠶᠡᠷᠭᠦ︾ ᠬᠢᠮᠢ ᠶᠢᠨ ᠪᠣᠳᠠᠰ ᠤᠳ ᠪᠣᠯᠬ᠊ ᠴᠢᠰᠤᠨ ᠤ ᠬᠥᠭᠡ ᠡᠳ᠋ ᠪᠠ ᠳ᠋ᠤᠫᠠᠮᠢᠨᠧ ᠲᠠᠢ ᠬᠠᠷᠢᠯᠴᠠᠨ ᠦᠢᠯᠡᠴᠢᠯᠡᠳᠡᠭ᠃ ᠴᠤᠺᠤᠯᠠᠨᠳ᠋ ᠢ ᠰᠡᠳᠬᠢᠯ ᠭᠤᠲᠤᠷᠠᠯ ᠤᠨ ᠡᠰᠡᠷᠭᠦ ᠦᠢᠯᠡᠴᠢᠯᠡᠭᠡ ᠲᠠᠢ ᠭᠡᠳᠡᠭ ᠢᠶᠠᠷ ᠨᠢ ᠡᠮᠴᠢ ᠨᠠᠷ ᠰᠠᠨᠠᠯ ᠪᠣᠯᠭᠠᠳᠠᠭ᠃      4. ᠡᠷᠡᠭᠦᠯ ᠮᠡᠨᠳᠦ ᠳᠤ ᠰᠠᠶᠢᠨ ᠡᠳᠦᠷ ᠲᠤ ᠢᠯᠡᠭᠦᠦ ᠶᠡᠭᠡ ᠴᠤᠺᠤᠯᠠᠨᠳ᠋ ᠢᠳᠡᠳᠡᠭ ᠬᠦᠮᠦᠰ ᠤᠨ ᠵᠢᠷᠦᠬᠡ ᠰᠤᠳᠠᠰᠤᠨ ᠤ ᠡᠪᠡᠳᠴᠢᠨ᠂ ᠲᠠᠷᠢᠬᠢᠨ ᠳᠤ ᠴᠢᠰᠤ ᠬᠠᠷᠪᠤᠬᠤ ᠡᠷᠦᠰᠳᠡᠯ ᠪᠠᠭ᠎ᠠ ᠪᠠᠶᠢᠳᠠᠭ ᠨᠢ ᠲᠣᠭᠲᠠᠭᠠᠭᠳᠠᠵᠠᠢ᠃ ᠬᠠᠷ᠎ᠠ ᠴᠤᠺᠤᠯᠠᠨᠳ᠋ ᠢᠳᠡᠬᠦ ᠨᠢ ᠵᠢᠷᠦᠬᠡᠨ ᠳᠤ ᠮᠠᠰᠢ ᠰᠠᠶᠢᠨ ᠳᠠᠰᠬᠠᠯ ᠪᠣᠯᠳᠠᠭ᠄ ᠴᠢᠰᠤᠨ ᠤ ᠳᠠᠷᠤᠯᠲᠠ ᠶᠢ ᠪᠠᠭᠤᠷᠠᠭᠤᠯᠵᠤ᠂ ᠴᠢᠰᠤᠨ ᠰᠤᠳᠠᠰᠤ ᠨᠤᠭᠤᠳ ᠲᠠᠶᠢᠪᠤᠰᠢᠷᠠᠳᠠᠭ᠃ ᠺᠠᠺᠠᠣ᠋ ᠪᠠᠷ ᠪᠠᠶᠠᠯᠢᠭ ᠡᠷᠡᠭᠦᠯ᠂ ᠬᠠᠷ᠎ᠠ ᠴᠤᠺᠤᠯᠠᠨᠳ᠋ ᠨᠢ ᠪᠢᠳᠡᠨ ᠤ ᠪᠡᠶ᠎ᠡ ᠮᠠᠬᠠᠪᠤᠳ ᠲᠤ ᠦᠵᠦᠮ ᠤᠨ ᠰᠢᠬᠢᠷ ᠢ ᠬᠤᠪᠢᠷᠠᠭᠠᠬᠤ ᠴᠢᠳᠠᠪᠤᠷᠢ ᠶᠢ ᠰᠠᠶᠢᠵᠢᠷᠠᠭᠤᠯᠵᠤ᠂ ᠰᠢᠬᠢᠷ ᠰᠢᠵᠢᠩ ᠲᠠᠢ ᠲᠡᠮᠡᠴᠡᠬᠦ ᠳᠤ ᠲᠤᠰᠠᠯᠠᠳᠠᠭ᠃ ᠡᠴᠦᠰ ᠲᠤᠨᠢ ᠬᠠᠷ᠎ᠠ ᠴᠤᠺᠤᠯᠠᠨᠳ᠋ ᠨᠢ ︽ᠮᠠᠭᠤ︾ ᠰᠦᠰᠦᠨ ᠤ ᠭᠤᠨᠠᠨ ᠠᠯᠺᠤᠤᠯ ᠤᠨ ᠲᠦᠪᠰᠢᠨ ᠢ ᠪᠠᠭᠤᠷᠠᠭᠤᠯᠵᠤ᠂ ︽ᠰᠠᠶᠢᠨ︾ ᠰᠦᠰᠦᠨ ᠤ ᠭᠤᠨᠠᠨ ᠠᠯᠺᠤᠤᠯ ᠤᠨ ᠲᠦᠪᠰᠢᠨ ᠢ ᠨᠡᠮᠡᠭᠳᠡᠭᠦᠯᠳᠡᠭ᠃      5. ᠠᠵᠢᠯ ᠬᠢᠬᠦ ᠳᠤ ᠲᠤᠰᠠᠯᠠᠨ᠎ᠠ ᠺᠤᠹᠧ᠂ ᠴᠠᠢ ᠲᠠᠢ ᠨᠢᠭᠡᠨ ᠠᠳᠠᠯᠢ ᠺᠠᠺᠠᠤ᠋ ᠨᠢ ᠺᠤᠹᠧᠶ᠋ᠢᠨ ᠠᠭᠤᠯᠳᠠᠭ᠃ ᠬᠡᠮᠵᠢᠶ᠎ᠡ ᠨᠢ ᠶᠠᠩᠵᠤ ᠪᠦᠷᠢ ᠪᠠᠶᠢᠵᠤ ᠪᠣᠯᠬᠤ ᠴᠤ ᠴᠤᠺᠤᠯᠠᠨᠳ᠋ ᠨᠢ ᠺᠤᠹᠧ ᠠᠴᠠ ᠢᠯᠡᠭᠦᠦ ᠺᠤᠹᠧᠶ᠋ᠢᠨ ᠠᠭᠤᠯᠳᠠᠭ᠂ ᠺᠤᠹᠧᠶ᠋ᠢᠨ ᠠᠭᠤᠯᠤᠭᠰᠠᠨ ᠪᠤᠰᠤᠳ ᠬᠤᠭᠤᠯᠨ ᠲᠠᠢ ᠨᠢᠭᠡᠨ ᠠᠳᠠᠯᠢ ᠴᠤᠺᠤᠯᠠᠨᠳ᠋ ᠨᠢ ᠲᠠᠨ ᠢ ᠢᠯᠡᠭᠦᠦ ᠰᠡᠷᠭᠡᠭ ᠪᠣᠯᠭᠠᠳᠠᠭ᠃ ᠺᠠᠺᠠᠤ᠋ ᠨᠢ ᠴᠤᠺᠤᠯᠠᠨᠳ᠋ ᠳᠤ ᠭᠠᠰᠢᠭᠤᠨ ᠠᠮᠲᠠ ᠶᠢ ᠥᠭᠴᠦ᠂ ᠡᠷᠴᠢ ᠬᠦᠴᠦᠨ ᠤ ᠲᠦᠪᠰᠢᠨ ᠢ ᠳᠡᠭᠡᠭᠰᠢᠯᠡᠭᠦᠯᠳᠡᠭ᠃     6. ᠳᠠᠷᠬᠠᠯᠠᠭ᠎ᠠ ᠳᠡᠭᠡᠭᠰᠢᠯᠡᠭᠦᠯᠦᠨ᠎ᠡ ᠴᠤᠺᠤᠯᠠᠨᠳ᠋ ᠨᠢ ᠮᠥᠨ ᠮᠠᠰᠢ ᠲᠡᠵᠢᠭᠡᠯᠢᠭ ᠬᠦᠨᠡᠰᠦ ᠶᠤᠮ᠃ 70 ᠬᠤᠪᠢ ᠶᠢᠨ ᠬᠠᠷ᠎ᠠ ᠴᠤᠺᠤᠯᠠᠨᠳ᠋ ᠨᠢ ᠢᠰᠤᠯᠳᠦᠭᠦ ᠶᠢ ᠳᠠᠭᠠᠭᠠᠬᠤ ᠡᠳ᠋ ︵ᠨᠣᠭᠤᠭᠠᠨ ᠴᠠᠢ ᠠᠴᠠ ᠴᠤ ᠢᠯᠡᠭᠦᠦ︶᠂ ᠺᠠᠯᠼ᠂ ᠵᠡᠰ᠂ ᠺᠠᠯᠢ᠂ ᠮᠠᠭᠨᠢ ᠠᠭᠤᠯᠤᠭᠳᠠᠳᠠᠭ᠃ ᠪᠠᠰᠠ ᠲᠠᠮᠠᠬᠢᠨ ᠤ ᠤᠲᠤᠭ᠎ᠠ᠂ ᠠᠭᠠᠷ ᠤᠨ ᠪᠣᠬᠢᠷᠳᠠᠯ᠂ ᠠᠷᠢᠬᠢᠨ ᠳᠤ ᠰᠢᠨᠤᠬᠤ ᠠᠴᠠ ᠰᠡᠷᠭᠡᠶᠢᠯᠡᠬᠦ ᠳᠤ ᠬᠦᠷᠲᠡᠯ᠎ᠡ ᠲᠤᠰᠠᠯᠠᠳᠠᠭ᠃ ᠲᠡᠶᠢᠮᠦ ᠠᠴᠠ ᠭᠡᠷ ᠠᠴᠠ ᠪᠠᠨ ᠭᠠᠷᠬᠤ ᠶᠢᠨ ᠡᠮᠦᠨ᠎ᠡ ᠥᠪᠡᠷ ᠢ ᠪᠠᠨ ᠺᠠᠺᠠᠣ᠋ ᠪᠠᠷ ᠬᠠᠮᠠᠭᠠᠯᠠᠭᠠᠷᠠᠢ᠃      7. ᠳᠠᠰᠬᠠᠯ ᠬᠢᠬᠦ ᠳᠤ ᠲᠤᠰᠠᠯᠠᠨ᠎ᠠ ᠬᠠᠷ᠎ᠠ ᠴᠤᠺᠤᠯᠠᠨᠳ᠋ ᠨᠢ ᠳᠠᠰᠬᠠᠯ ᠬᠢᠵᠦ ᠪᠤᠢ ᠬᠦᠮᠦᠰ ᠲᠤ ᠲᠡᠭᠦᠰ ᠲᠠᠭᠠᠷᠠᠬᠤ ᠪᠦᠲᠦᠭᠡᠭᠳᠡᠬᠦᠨ ᠶᠤᠮ᠃ ᠬᠠᠷ᠎ᠠ ᠴᠤᠺᠤᠯᠠᠨᠳ᠋ ᠨᠢ ᠠᠽᠣᠲ ᠤᠨ ᠢᠰᠦᠯᠳᠦᠭᠰᠡᠨ ᠪᠤᠳᠠᠰ ᠤᠨ ᠲᠦᠪᠰᠢᠨ ᠢ ᠨᠡᠮᠡᠭᠳᠡᠭᠦᠯᠵᠦ᠂ ᠪᠤᠯᠴᠢᠩ ᠤᠨ ᠰᠡᠷᠭᠦᠯᠲᠡ᠂ ᠥᠰᠦᠯᠲᠡ ᠶᠢ ᠰᠠᠶᠢᠵᠢᠷᠠᠭᠤᠯᠳᠠᠭ ᠲᠤᠯᠠ ᠳᠠᠰᠬᠠᠯ ᠤᠨ ᠡᠮᠦᠨᠡᠬᠢ ᠪᠣᠯᠤᠨ ᠳᠠᠷᠠᠭᠠᠬᠢ ᠥᠷᠯᠥᠭᠡᠨ ᠤ ᠬᠤᠭᠤᠯᠠᠨ ᠳᠠᠭᠠᠨ ᠬᠠᠷ᠎ᠠ ᠴᠤᠺᠤᠯᠠᠨᠳ᠋ ᠡᠰᠡᠪᠡᠯ ᠺᠠᠺᠠᠤ᠋ ᠨᠡᠮᠡᠵᠦ ᠤᠷᠤᠭᠤᠯᠬᠤ ᠨᠢ ᠵᠦᠢᠲᠡᠢ ᠶᠤᠮ᠃     8. ᠥᠷᠯᠥᠭᠡᠨ ᠤ ᠴᠠᠢ ᠳᠠᠭᠠᠨ ᠴᠤᠺᠤᠯᠠᠨᠳ᠋ ᠬᠡᠷᠬᠢᠨ ᠨᠡᠮᠡᠬᠦ ᠪᠤᠢ︖ ᠬᠡᠷᠪᠡ ᠲᠠ ᠬᠠᠷ᠎ᠠ ᠴᠤᠺᠤᠯᠠᠨᠳ᠋ ᠳᠠᠩ ᠢᠶᠠᠷ ᠨᠢ ᠢᠳᠡᠬᠦ ᠶᠢ ᠬᠦᠰᠡᠬᠦ ᠦᠭᠡᠢ ᠪᠠᠶᠢᠭ᠎ᠠ ᠳᠠᠷᠠᠭᠠᠬᠢ ᠠᠷᠭ᠎ᠠ ᠤᠳ ᠢᠶᠠᠷ ᠥᠷᠯᠥᠭᠡᠨ ᠤ ᠴᠠᠢ ᠳᠠᠭᠠᠨ ᠴᠤᠺᠤᠯᠠᠨᠳ᠋ ᠨᠡᠮᠡᠵᠦ ᠪᠣᠯᠤᠨ᠎ᠠ᠃ ᠬᠠᠯᠠᠭᠤᠨ ᠴᠤᠺᠤᠯᠠᠨᠳ᠋᠃ ᠥᠷᠯᠥᠭᠡᠨ ᠤ ᠴᠠᠶᠢᠨ ᠳᠤ ᠪᠠᠨ ᠺᠣᠹᠧ ᠪᠠ ᠬᠡᠷᠡᠭᠯᠡᠬᠦ ᠶᠢᠨ ᠣᠷᠣᠨ ᠳᠤ ᠬᠠᠯᠠᠭᠤᠨ ᠺᠠᠺᠠᠤ᠋ ᠤᠤᠭᠤᠵᠤ ᠪᠣᠯᠤᠨ᠎ᠠ᠃ ᠭᠡᠬᠦ ᠳᠡᠭᠡᠨ ᠬᠡᠷᠪᠡ ᠲᠠ ᠣᠨᠴᠠᠭᠠᠢ ᠵᠦᠢᠯ ᠬᠦᠰᠡᠵᠦ ᠪᠠᠶᠢᠪᠠᠯ ᠬᠠᠯᠠᠭᠤᠨ ᠴᠤᠺᠤᠯᠠᠨᠳ᠋ ᠲᠠᠢ ᠮᠣᠺᠠ ᠤᠤᠭᠤᠵᠤ ᠦᠵᠡᠭᠡᠷᠡᠢ᠃ ᠮᠥᠨ ᠬᠠᠯᠠᠭᠤᠨ ᠴᠤᠺᠤᠯᠠᠨᠳ᠋ ᠲᠣᠭᠲᠠᠮᠠᠯ ᠤᠤᠭᠤᠬᠤ ᠨᠢ ᠲᠠᠨ ᠤ ᠣᠢ ᠲᠣᠭᠲᠠᠭᠠᠯᠲᠠ᠂ ᠲᠠᠨᠢᠨ ᠮᠡᠳᠡᠬᠦᠢ ᠶᠢᠨ ᠴᠢᠳᠠᠪᠤᠷᠢ ᠶᠢ ᠨᠡᠮᠡᠭᠳᠡᠭᠦᠯᠳᠡᠭ᠃ ᠴᠤᠺᠤᠯᠠᠨᠳ᠋ ᠲᠠᠢ ᠵᠢᠩᠨᠡᠮᠡᠭ᠂ ᠲᠦᠷᠬᠢᠳᠡᠭ ᠴᠤᠺᠤᠯᠠᠨᠳ᠋ ᠡᠰᠡᠪᠡᠯ ᠺᠠᠺᠠᠣ᠋ ᠲᠠᠢ ᠨᠠᠷᠢᠨ ᠪᠣᠣᠪᠤ᠃ ᠲᠠ ᠲᠠᠯᠬᠠᠨ ᠳᠠᠭᠠᠨ ᠴᠤᠺᠤᠯᠠᠨᠳ᠋ ᠲᠦᠷᠬᠢᠬᠦ ᠡᠰᠡᠪᠡᠯ ᠺᠠᠺᠠᠦ ᠲᠠᠢ ᠨᠠᠷᠢᠨ ᠪᠣᠣᠪᠤ᠂ ᠵᠢᠩᠨᠡᠮᠡᠭ ᠢᠳᠡᠵᠦ ᠪᠣᠯᠤᠨ᠎ᠠ᠃ ᠲᠥᠷᠥᠯ ᠪᠦᠷᠢ ᠶᠢᠨ ᠥᠷᠯᠥᠭᠡᠨ ᠤ ᠴᠠᠢ ᠶᠢᠨ ᠳᠡᠭᠡᠷ᠎ᠡ ᠨᠤᠨᠲᠠᠭᠯᠠᠭᠰᠠᠨ ᠴᠤᠺᠤᠯᠠᠨᠳ᠋ ᠨᠡᠮᠡᠵᠦ ᠬᠡᠷᠡᠭᠯᠡᠵᠦ ᠪᠣᠯᠤᠨ᠎ᠠ᠃
ᠢᠷᠡᠯᠲᠡ᠄ ᠲᠣᠲᠣᠷᠬᠠᠢ ᠦᠭᠡᠢ