ᠮᠤᠩᠭᠤᠯᠴᠤᠳ᠂ ᠴᠠᠭᠠᠨ ᠢᠳᠡᠭᠡᠨ ᠢ ᠬᠤᠭᠤᠯᠠ ᠤᠮᠳᠠ ᠳᠤ ᠠᠰᠢᠭᠯᠠᠨ ᠦᠯ ᠬᠤᠭᠤᠯᠠ ᠪᠤᠯᠭᠠᠵᠤ᠂ ᠡᠳᠦᠷ ᠲᠤᠳᠤᠮ ᠤᠨ ᠠᠮᠢᠳᠤᠷᠠᠯ ᠤᠨ ᠬᠡᠷᠡᠭᠴᠡᠭᠡ | ᠪᠠᠨ ᠬᠠᠩᠭᠠᠬᠤ ᠶᠢᠨ ᠬᠠᠮᠳᠤ᠂ ᠴᠠᠭᠠᠨ ᠢᠳᠡᠬᠡᠨᠨ ᠢ ᠢᠳᠡᠬᠡᠨ ᠤᠮᠳᠠᠭᠠᠨ ᠤ ᠲᠡᠭᠡᠵᠢ ᠪᠠᠷ ᠡᠷᠬᠢᠯᠡᠨ ᠦᠵᠡᠬᠦ ᠤᠯᠠᠮᠵᠢᠯᠠᠯ ᠡᠷᠳᠡ ᠦᠶ᠎ᠡ ᠳᠤ ᠡᠬᠦᠰᠴᠦ᠂ ᠲᠡᠦᠬᠡᠨ | ᠬᠦᠭᠵᠢᠯ ᠤᠨ ᠶᠠᠪᠤᠴᠠ ᠳᠤ ᠴᠠᠭᠠᠨ ᠢᠳᠡᠬᠡᠨ ᠤ ᠲᠤᠬᠠᠢ ᠠᠯᠢ ᠤᠯᠠᠨ ᠶᠤᠰᠤ ᠵᠠᠩᠰᠢᠯ ᠪᠦᠷᠢᠯᠳᠦᠭᠰᠡᠨ ᠶᠤᠮ᠃ ᠡᠬᠦᠨ ᠤ ᠲᠤᠳᠤᠷ᠎ᠠ ᠴᠠᠭᠠᠨ ᠢᠳᠡᠭᠡᠨ ᠵᠠᠰᠠᠬᠤ | ᠶᠤᠰᠤ ᠨᠢ ᠡᠳᠦᠷ ᠲᠤᠳᠤᠮ ᠤᠨ ᠠᠮᠢᠳᠤᠷᠠᠯ ᠪᠤᠯᠤᠨ ᠦᠪᠡᠳᠡᠭᠰᠢ ᠶᠡᠭᠡ ᠨᠠᠶᠢᠷ ᠬᠤᠷᠢᠮ ᠤᠨ ᠶᠤᠰᠤᠯᠠᠯ ᠳᠤ ᠨᠢᠬᠡ ᠯᠡ ᠠᠳᠠᠯᠢ ᠪᠠᠷᠢᠮᠳᠠᠯᠠᠭᠰᠠᠭᠠᠷ ᠢᠷᠡᠭᠰᠡᠨ ᠪᠠᠶᠢᠨ᠎ᠠ | ᠃ | 1. ᠡᠩ ᠤᠨ ᠦᠶ᠎ᠡ ᠳᠠᠬᠢ ᠴᠠᠭᠠᠨ ᠢᠳᠡᠭᠡᠨ ᠵᠠᠰᠠᠬᠤ ᠶᠤᠰᠤ | ᠮᠤᠩᠭᠤᠯᠴᠤᠳ᠂ ᠡᠳᠦᠷ ᠲᠤᠳᠤᠮ ᠤᠨ ᠠᠮᠢᠳᠤᠷᠠᠯ ᠲᠤᠮᠳᠠ ᠬᠤᠷᠤᠳ᠂ ᠡᠬᠡᠵᠡᠬᠡᠢ᠂ ᠪᠢᠰᠢᠯᠠᠭ᠂ ᠴᠤᠷ᠎ᠠ ᠠᠭᠠᠷᠤᠤᠯ ᠵᠡᠷᠭᠡ ᠴᠠᠭᠠᠨ ᠢᠳᠡᠭᠡᠨ ᠤ ᠵᠦᠢᠯᠡᠰ ᠢ | ᠲᠤᠰᠬᠠᠢ ᠪᠡᠯᠡᠳᠬᠡᠭᠰᠡᠨ ᠮᠤᠳᠤᠨ ᠲᠠᠪᠠᠭ᠂ ᠱᠠᠭᠠᠵᠠᠩ ᠫᠢᠯᠠ ᠳᠤ ᠲᠠᠪᠠᠭᠯᠠᠵᠤ᠂ ᠲᠠᠯᠪᠢᠬᠤ ᠪᠠᠨ ᠮᠦᠨ ᠴᠠᠭᠠᠨ ᠢᠳᠡᠭᠡᠨ ᠵᠠᠰᠠᠬᠤ ᠬᠡᠳᠡᠭ᠃ ᠡᠬᠦᠨ ᠢ ᠬᠡᠷ ᠪᠦᠯᠢ | ᠶᠢᠨ ᠬᠦᠮᠦᠰ ᠡᠳᠦᠷ ᠲᠤᠳᠤᠮ ᠴᠠᠢ ᠤᠤᠭᠤᠬᠤ ᠳᠤ ᠪᠠᠨ ᠢᠳᠡᠬᠦ ᠳᠠᠬᠢ ᠭᠠᠳᠠᠨ᠎ᠠ᠂ ᠬᠡᠶᠢᠴᠢᠨ ᠵᠤᠴᠢᠨ ᠢᠷᠡᠪᠡᠯ ᠴᠠᠢ ᠠᠶᠠᠭᠠᠯᠠᠵᠤ᠂ ᠴᠠᠭᠠᠨ ᠢᠳᠡᠭᠡᠨ ᠲᠠᠯᠪᠢᠨ | ᠵᠤᠴᠢᠯᠠᠨ ᠲᠠᠶᠢᠯᠠᠬᠤ ᠳᠤ ᠵᠤᠷᠢᠭᠤᠯᠤᠭᠰᠠᠨ ᠪᠠᠶᠢᠳᠠᠭ᠃ ᠬᠡᠷ ᠤᠨ ᠬᠦᠮᠦᠰ ᠴᠠᠭᠠᠨ ᠢᠳᠡᠭᠡᠨ ᠠᠴᠠ ᠢᠳᠡᠬᠦ ᠳᠤ ᠪᠠᠨ ᠲᠠᠪᠠᠭᠯᠠᠵᠤ ᠵᠠᠰᠠᠭᠰᠠᠨ ᠴᠠᠭᠠᠨ ᠢᠳᠡᠭᠡᠨ ᠤ | ᠲᠡᠭᠡᠷ᠎ᠡ ᠲᠠᠯ᠎ᠠ ᠠᠴᠠ ᠠᠪᠴᠤ ᠢᠳᠡᠳᠡᠭ᠃ ᠠᠳᠡ ᠲᠡᠨᠳᠡ ᠠᠴᠠ ᠨᠢ ᠰᠢᠯᠢᠵᠦ᠂ ᠡᠷᠦᠢ ᠬᠤᠷᠣᠢ ᠦᠬᠡᠢ ᠠᠪᠬᠤ ᠶᠢ ᠴᠡᠬᠡᠷᠯᠡᠳᠡᠭ ᠪᠦᠬᠡᠳ ᠬᠡᠦᠬᠡᠳ ᠪᠠᠭᠠᠴᠤᠳ | ᠴᠠᠭᠠᠨ ᠢᠳᠡᠭᠡᠨ ᠤ ᠲᠠᠪᠠᠭ ᠠᠴᠠ ᠲᠤᠷ᠎ᠠ ᠪᠠᠷ ᠠᠪᠴᠤ ᠪᠤᠯᠳᠠᠭ ᠦᠬᠡᠢ᠃ | 2. ᠪᠠᠶᠠᠷ ᠲᠤᠷᠠᠰᠬᠠᠯ ᠤᠨ ᠦᠶ᠎ᠡ ᠳᠠᠬᠢ ᠴᠠᠭᠠᠨ ᠢᠳᠡᠭᠡᠨ ᠵᠠᠰᠠᠬᠤ ᠶᠤᠰᠤ | ᠮᠤᠩᠭᠤᠯᠴᠤᠳ᠂ ᠴᠠᠭᠠᠨ ᠰᠠᠷ᠎ᠠ ᠶᠢ ᠤᠭᠳᠤᠬᠤ ᠪᠤᠶᠤ ᠦᠪᠡᠳᠡᠭᠰᠢ ᠶᠡᠭᠡ ᠪᠠᠶᠠᠷ ᠶᠤᠰᠤᠯᠠᠯ ᠤᠨ ᠦᠶ᠎ᠡ ᠳᠤ ᠴᠠᠭᠠᠨ ᠢᠳᠡᠭᠡ ᠵᠠᠰᠠᠵᠤ᠂ ᠢᠳᠡᠭᠡᠨ ᠤ ᠲᠡᠭᠡᠵᠢ ᠪᠠᠷ | ᠡᠷᠬᠢᠮᠯᠡᠨ᠂ ᠠᠵᠤ ᠠᠮᠢᠳᠤᠷᠠᠯ ᠤᠨ ᠪᠠᠶᠠᠨ ᠡᠯᠪᠡᠭ᠂ ᠠᠯᠢᠪᠠ ᠦᠢᠯᠡᠰ ᠤᠨ ᠢᠶᠠᠨ ᠰᠠᠶᠢᠨ ᠰᠠᠶᠢᠬᠠᠨ ᠤ ᠪᠡᠯᠬᠡᠳᠡᠯ ᠪᠤᠯᠭᠠᠳᠠᠭ ᠵᠠᠩᠰᠢᠯ ᠲᠠᠢ᠃ ᠴᠠᠭᠠᠨ ᠢᠳᠡᠭᠡ | ᠵᠠᠰᠠᠬᠤ ᠳᠤ ᠲᠤᠰᠬᠠᠶᠢᠯᠠᠨ | ᠪᠡᠯᠡᠳᠬᠡᠭᠰᠡᠨ ᠣᠷᠳᠤ ᠲᠦᠷᠪᠡᠯᠵᠢᠨ ᠬᠡᠯᠪᠡᠷᠢ ᠲᠠᠢ ᠪᠤᠭᠤᠷᠰᠤᠭ ᠢ ᠭᠤᠷᠪᠠ ᠪᠤᠶᠤ ᠲᠦᠷᠪᠡ ᠪᠠᠷ ᠢᠳᠡᠬᠡᠨ ᠤ ᠲᠠᠪᠠᠭ ᠲᠤ ᠵᠡᠷᠭᠡᠴᠡᠭᠦᠯᠦᠨ ᠲᠠᠯᠪᠢᠵᠤ᠂ ᠲᠠᠪᠤ | ᠠᠴᠠ ᠲᠤᠯᠤᠭᠠᠨ ᠲᠡᠭᠳᠡᠷ ᠵᠡᠷᠭᠡᠯᠡᠨ᠂ ᠲᠡᠭᠡᠷ᠎ᠡ ᠨᠢ ᠬᠡᠪ ᠤᠨ ᠬᠤᠷᠤᠳ ᠪᠤᠶᠤ ᠶᠧᠪᠠᠩ ᠲᠠᠯᠪᠢᠵᠦ᠂ ᠦᠷᠦᠮ᠎ᠡ᠂ ᠬᠤᠷᠤᠳ᠂ ᠰᠢᠬᠢᠷ᠂ ᠴᠢᠪᠠᠭ᠎ᠠ ᠪᠠᠷ ᠴᠢᠮᠠᠨ | ᠵᠠᠰᠠᠳᠠᠭ᠃ ᠵᠠᠰᠠᠵᠤ ᠲᠠᠯᠪᠢᠭᠰᠠᠨ ᠴᠠᠭᠠᠨ ᠢᠳᠡᠭᠡ ᠶᠢ ᠴᠠᠭᠠᠨ ᠰᠠᠷ᠎ᠠ ᠶᠢᠨ ᠰᠢᠨ᠎ᠡ ᠶᠢᠨ ᠨᠢᠬᠡᠨ ᠪᠤᠶᠤ ᠪᠠᠶᠠᠷ ᠶᠣᠰᠣᠯᠠᠯ ᠤᠨ ᠦᠶ᠎ᠡ ᠳᠤ ᠰᠢᠷᠡᠬᠡᠨ ᠤ ᠭᠤᠤᠯ ᠳᠤ | ᠲᠠᠯᠪᠢᠳᠠᠭ᠃ ᠰᠢᠨ᠎ᠡ ᠶᠢᠨ ᠬᠡᠶᠢᠴᠢᠨ ᠪᠤᠶᠤ ᠨᠠᠶᠢᠷ ᠶᠤᠰᠤᠯᠠᠯ ᠳᠤ ᠤᠷᠤᠯᠴᠠᠭᠰᠠᠨ᠂ ᠲᠠᠪᠠᠭ ᠲᠠᠢ ᠢᠳᠡᠭᠡ ᠠᠴᠠ ᠲᠡᠭᠷᠢ᠂ ᠭᠠᠵᠠᠷ᠂ ᠭᠠᠯ ᠳᠤ ᠡᠷᠭᠦᠭᠰᠡᠨ ᠤ | ᠲᠠᠷᠠᠭ᠎ᠠ ᠠᠮᠰᠠᠳᠠᠭ ᠶᠤᠰᠤ ᠲᠠᠢ᠃ ᠴᠠᠭᠠᠨ ᠢᠳᠡᠭᠡ ᠠᠮᠰᠠᠬᠤ ᠳᠤ ᠪᠠᠨ ᠦᠩᠭᠡ ᠪᠤᠯᠭᠠᠵᠤ ᠵᠠᠰᠠᠭᠰᠠᠨ ᠦᠷᠦᠮ᠎ᠡ᠂ ᠬᠤᠷᠤᠳ ᠠᠴᠠ ᠠᠮᠰᠠᠬᠤ ᠲᠠᠳᠤᠢ ᠶᠤᠰᠤ | ᠬᠦᠢᠴᠡᠳᠬᠡᠵᠦ᠂ ᠶᠠᠩᠵᠤ ᠬᠡᠯᠪᠡᠷᠢ ᠶᠢ ᠨᠢ ᠡᠪᠳᠡᠬᠦ ᠪᠤᠶᠤ ᠨᠤᠷᠠᠭᠠᠬᠤ ᠶᠢ ᠴᠡᠬᠡᠷᠯᠡᠳᠡᠭ᠃ ᠴᠠᠭᠠᠨ ᠰᠠᠷ᠎ᠠ ᠳᠤ ᠵᠤᠷᠢᠭᠤᠯᠤᠨ ᠵᠠᠰᠠᠭᠰᠠᠨ ᠴᠠᠭᠠᠨ ᠢᠳᠡᠭᠡ ᠶᠢ ᠰᠢᠨ᠎ᠡ | ᠬᠠᠭᠤᠴᠢᠷᠠᠵᠤ᠂ ᠰᠢᠨ᠎ᠡ ᠶᠢᠨ ᠠᠷᠪᠠᠳ ᠪᠤᠯᠬᠤ ᠳᠤ ᠬᠡᠷ ᠵᠠᠭᠤᠷ᠎ᠠ ᠪᠠᠨ ᠬᠤᠪᠢ ᠲᠦᠬᠡᠬᠡᠳᠡᠭ ᠪᠠ ᠪᠠᠶᠠᠷ ᠶᠤᠰᠤᠯᠠᠯ ᠳᠤ ᠵᠠᠰᠠᠭᠰᠠᠨ ᠴᠠᠭᠠᠨ ᠢᠳᠡᠭᠡ ᠶᠢ ᠭᠤᠷᠪᠠᠨ | ᠬᠤᠨᠤᠭ ᠤᠨ ᠲᠠᠷᠠᠭ᠎ᠠ ᠬᠤᠪᠢᠶᠠᠯᠴᠠᠨ ᠢᠳᠡᠳᠡᠭ ᠵᠠᠩᠰᠢᠯ ᠲᠠᠢ᠃ | | |