ᠮᠤᠩᠭᠤᠯᠴᠤᠳ ᠤᠨ ᠮᠤᠷᠢᠨ ᠤ ᠠᠯᠬᠤᠭ᠎ᠠ ᠶᠢ ᠢᠯᠭᠠᠬᠤ ᠵᠠᠩᠰᠢᠯ
ᠨᠡᠶᠢᠲᠡᠯᠡᠭᠰᠡᠨ ᠴᠠᠭ᠄
2022/1/24
     ᠵᠢᠷᠤᠭ᠎ᠠ ᠮᠤᠷᠢᠨ ᠤ ᠵᠢᠷᠤᠭᠠᠯᠠᠬᠤ ᠪᠠᠶᠢᠳᠠᠯ ᠢᠶᠠᠷ ᠨᠢ ᠤᠨᠠᠭᠠᠨ ᠵᠢᠷᠤᠭ᠎ᠠ᠂ ᠤᠷᠭᠤᠭ᠎ᠠ ᠵᠢᠷᠤᠭ᠎ᠠ᠂ ᠡᠯᠬᠦᠬᠡ ᠵᠢᠷᠤᠭ᠎ᠠ ᠬᠡᠬᠦ ᠪᠠ ᠬᠢᠰᠬᠢᠳᠡᠯ ᠬᠦᠳᠡᠯᠬᠡᠬᠡᠨ ᠢᠶᠠᠷ  ᠨᠢ ᠬᠤᠨᠢᠨ ᠵᠢᠷᠤᠭ᠎ᠠ᠂ ᠲᠡᠮᠡᠬᠡᠨ ᠵᠢᠷᠤᠭ᠎ᠠ᠂  ᠲᠡᠯᠡᠮᠡᠨ ᠵᠢᠷᠤᠭ᠎ᠠ ᠬᠡᠵᠦ ᠢᠯᠭᠠᠨ ᠨᠡᠷᠡᠯᠡᠳᠡᠭ᠃     ᠮᠤᠷᠢᠨ ᠤ ᠤᠨᠠᠭᠠᠨ ᠵᠢᠷᠤᠭ᠎ᠠ  —— ᠮᠣᠷᠢᠨ ᠤ ᠲᠦᠷᠦᠯᠬᠢ ᠵᠢᠷᠤᠭ᠎ᠠ ᠶᠢ ᠤᠨᠠᠭᠠᠨ ᠵᠢᠷᠤᠭ᠎ᠠ ᠬᠡᠳᠡᠭ᠃     ᠮᠤᠷᠢᠨ ᠤ ᠤᠷᠭᠤᠭ᠎ᠠ ᠵᠢᠷᠤᠭ᠎ᠠ —— ᠵᠢᠷᠤᠭ᠎ᠠ ᠶᠠᠪᠤᠳᠠᠯ ᠢᠶᠠᠨ ᠠᠯᠳᠠᠯ ᠦᠬᠡᠢ ᠵᠢᠷᠤᠭᠠᠯᠠᠬᠤ ᠪᠦᠬᠡᠳ ᠬᠤᠷᠳᠤᠴᠠ ᠨᠢ ᠶᠠᠪᠤᠬᠤ ᠲᠤᠳᠤᠮ ᠨᠡᠮᠡᠭᠳᠡᠬᠦ ᠶᠢ ᠤᠷᠭᠤᠭ᠎ᠠ ᠵᠢᠷᠤᠭ᠎ᠠ  ᠬᠡᠳᠡᠭ᠃     ᠮᠤᠷᠢᠨ ᠤ ᠡᠯᠬᠦᠬᠡ ᠵᠢᠷᠤᠭ᠎ᠠ —— ᠰᠡᠬᠡᠬᠡ᠂ ᠬᠠᠳᠠᠷᠢᠶ᠎ᠠ᠂ ᠲᠠᠪᠬᠢᠶ᠎ᠠ ᠵᠡᠷᠭᠡ ᠶᠠᠪᠤᠳᠠᠯ ᠢᠶᠠᠨ  ᠶᠠᠪᠤᠵᠤ ᠪᠠᠶᠢᠬᠤ ᠲᠤᠮᠳᠠ  ᠡᠯᠬᠦᠵᠦ ᠠᠪᠤᠭᠠᠳ ᠵᠢᠷᠤᠭᠠᠯᠠᠬᠤ ᠨᠢ ᠡᠯᠬᠦᠬᠡ ᠵᠢᠷᠤᠭ᠎ᠠ ᠬᠡᠳᠡᠭ᠃     ᠮᠤᠷᠢᠨ ᠤ ᠬᠤᠨᠢᠨ ᠵᠢᠷᠤᠭ᠎ᠠ ——  ᠵᠢᠷᠤᠭ᠎ᠠ ᠮᠤᠷᠢᠨ ᠤ ᠡᠮᠦᠨ᠎ᠡ ᠬᠦᠯ ᠤᠨ ᠬᠠᠮᠤᠯᠳᠠ ᠪᠠᠭ᠎ᠠ᠂ ᠵᠦᠬᠡᠯᠡᠨ ᠦᠵᠡᠮᠵᠢᠳᠡᠢ ᠪᠦᠮᠪᠦᠬᠡᠨᠡᠨ ᠵᠢᠷᠤᠭᠠᠯᠠᠬᠤ ᠶᠢ ᠬᠤᠨᠢᠨ ᠵᠢᠷᠤᠭ᠎ᠠ  ᠬᠡᠳᠡᠭ᠃     ᠮᠤᠷᠢᠨ ᠤ ᠲᠡᠮᠡᠬᠡᠨ ᠵᠢᠷᠤᠭ᠎ᠠ —— ᠬᠠᠮᠤᠯᠳᠠ ᠶᠡᠬᠡᠳᠡᠢ᠂ ᠲᠡᠮᠡᠬᠡᠨ ᠬᠢᠰᠬᠢᠳᠡᠯ  ᠢᠶᠠᠷ ᠵᠢᠷᠤᠭᠠᠯᠠᠬᠤ ᠶᠢ ᠲᠡᠮᠡᠬᠡᠨ ᠵᠢᠷᠤᠭ᠎ᠠ ᠬᠡᠳᠡᠭ᠃     ᠮᠤᠷᠢᠨ ᠤ ᠲᠡᠯᠡᠮᠡᠨ ᠵᠢᠷᠤᠭ᠎ᠠ —— ᠡᠮᠦᠨ᠎ᠡ ᠬᠤᠶᠠᠷ ᠬᠦᠯ ᠨᠢ ᠭᠤᠭᠴᠤᠭᠠᠷᠠᠨ ᠬᠠᠮᠤᠵᠤ᠂ ᠬᠤᠶᠢᠳᠤ ᠬᠤᠶᠠᠷ ᠬᠦᠯ ᠨᠢ ᠬᠠᠶᠢᠪᠠᠯᠵᠠᠨ ᠪᠡᠶ᠎ᠡ ᠪᠠᠨ ᠤᠷᠤᠭᠰᠢ ᠲᠦᠯᠬᠢᠵᠦ᠂ ᠲᠦᠷᠪᠡᠨ ᠬᠦᠯ ᠨᠢ ᠲᠡᠭᠰᠢᠬᠡᠨ ᠦᠷᠦᠬᠡᠯᠳᠦᠨ ᠵᠢᠷᠤᠭᠠᠯᠠᠬᠤ ᠶᠢ ᠲᠡᠯᠡᠮᠡᠨ ᠵᠢᠷᠤᠭ᠎ᠠ ᠬᠡᠳᠡᠭ᠃  ᠲᠡᠯᠡᠮᠡᠨ ᠵᠢᠷᠤᠭ᠎ᠠ ᠮᠤᠷᠢᠨ ᠤ ᠬᠢᠰᠬᠢᠳᠡᠯ ᠬᠦᠳᠡᠯᠬᠡᠬᠡᠨ ᠦᠵᠡᠮᠵᠢᠳᠡᠢ᠂ ᠬᠤᠷᠳᠤᠨ ᠪᠦᠬᠡᠳ ᠪᠡᠶ᠎ᠡ ᠳᠤ ᠲᠠᠭᠠᠳᠠᠢ ᠪᠠᠶᠢᠳᠠᠭ᠃     ᠮᠣᠷᠢᠨ ᠤ ᠬᠠᠳᠠᠷᠢᠶ᠎ᠠ ᠶᠠᠪᠤᠳᠠᠯ —— ᠮᠤᠷᠢᠨ ᠤ ᠡᠮᠦᠨ᠎ᠡ ᠬᠤᠶᠠᠷ ᠬᠦᠯ ᠤᠨ ᠬᠠᠮᠤᠯᠳᠠ ᠭᠤᠭᠴᠤᠭᠠᠷᠠᠨ ᠡᠬᠡᠯᠵᠢᠯᠡᠵᠦ᠂ ᠬᠤᠶᠢᠳᠤ ᠬᠤᠶᠠᠷ ᠬᠦᠯ ᠤᠨ ᠬᠢᠰᠬᠢᠯᠳᠡ ᠰᠤᠯᠪᠢᠴᠠᠭᠤᠯᠤᠨ ᠲᠠᠪᠬᠢᠬᠤ ᠶᠢ ᠬᠠᠳᠠᠷᠢᠶ᠎ᠠ ᠬᠡᠳᠡᠭ᠃ ᠬᠠᠳᠠᠷᠢᠶ᠎ᠠ ᠮᠤᠷᠢᠨ ᠤ ᠬᠠᠳᠠᠷᠢᠬᠤ ᠪᠠᠶᠢᠳᠠᠯ ᠢᠶᠠᠷ ᠨᠢ ᠬᠠᠷ᠎ᠠ ᠬᠠᠳᠠᠷᠢᠶ᠎ᠠ᠂ ᠬᠤᠸᠠᠷ ᠬᠠᠳᠠᠷᠢᠶ᠎ᠠ ᠬᠡᠵᠦ ᠢᠯᠭᠠᠳᠠᠭ᠃     ᠮᠤᠷᠢᠨ ᠤ ᠬᠠᠷ᠎ᠠ ᠬᠠᠳᠠᠷᠢᠶ᠎ᠠ ——  ᠮᠤᠷᠢᠨ ᠤ ᠡᠮᠦᠨ᠎ᠡ ᠬᠤᠶᠠᠷ ᠬᠦᠯ ᠨᠢ ᠭᠤᠭᠴᠤᠭᠠᠷᠠᠨ ᠬᠠᠮᠤᠵᠤ᠂ ᠬᠤᠶᠢᠳᠤ ᠬᠤᠶᠠᠷ ᠬᠦᠯ ᠤᠨ ᠬᠢᠰᠬᠢᠯᠳᠡ ᠨᠢ ᠡᠮᠦᠨ᠎ᠡ ᠬᠤᠶᠠᠷ ᠬᠦᠯ ᠤᠨ ᠬᠢᠰᠬᠢᠯᠳᠡ ᠠᠴᠠ ᠬᠡᠳᠦᠷᠡᠨ ᠬᠠᠳᠤᠷᠢᠬᠤ ᠶᠢ ᠬᠠᠷ᠎ᠠ ᠬᠠᠳᠠᠷᠢᠶ᠎ᠠ ᠬᠡᠳᠡᠭ᠃ ᠬᠠᠷ᠎ᠠ ᠬᠠᠳᠠᠷᠢᠶ᠎ᠠ ᠶᠢᠨ ᠬᠠᠮᠤᠯᠳᠠ ᠶᠡᠭᠡ ᠪᠤᠯᠬᠤᠷ᠂ ᠤᠨᠤᠬᠤ  ᠳᠤ ᠬᠠᠳᠠᠭᠤ ᠪᠠᠶᠢᠳᠠᠭ᠃     ᠮᠤᠷᠢᠨ ᠤ ᠰᠤᠮᠤᠨ ᠬᠠᠳᠠᠷᠢᠶ᠎ᠠ  —— ᠮᠤᠷᠢᠨ ᠤ ᠡᠮᠦᠨ᠎ᠡ ᠬᠤᠶᠠᠷ ᠬᠦᠯ ᠤᠨ ᠬᠠᠮᠤᠯᠳᠠ ᠵᠢᠭᠳᠡ᠂ ᠬᠤᠶᠢᠳᠤ ᠬᠤᠶᠠᠷ ᠬᠦᠯ ᠤᠨ ᠬᠢᠰᠬᠢᠯᠳᠡ ᠨᠢ ᠡᠮᠦᠨ᠎ᠡ ᠬᠤᠶᠠᠷ ᠬᠦᠯ ᠤᠨ ᠬᠢᠰᠬᠢᠯᠳᠡ ᠲᠠᠢ ᠰᠢᠯᠤᠭᠤᠨ ᠱᠤᠭᠤᠮ ᠳᠤ ᠲᠤᠰᠬᠤ ᠬᠠᠳᠤᠷᠢᠶ᠎ᠠ ᠶᠢ ᠰᠤᠮᠤᠨ ᠬᠠᠳᠠᠷᠢᠶ᠎ᠠ ᠬᠡᠳᠡᠭ᠃     ᠮᠤᠷᠢᠨ ᠤ ᠬᠤᠸᠠᠷ ᠬᠠᠳᠠᠷᠢᠶ᠎ᠠ  —— ᠮᠤᠷᠢᠨ ᠤ ᠲᠦᠷᠪᠡᠨ ᠬᠦᠯ ᠤᠨ ᠬᠢᠰᠬᠢᠯᠳᠡ ᠵᠢᠷᠪᠢᠬᠢᠨᠡᠨ᠂ ᠪᠡᠶ᠎ᠡ ᠨᠢ ᠪᠦᠮᠪᠦᠬᠡᠨᠡᠨ ᠲᠠᠶᠢᠪᠠᠯᠵᠠᠬᠤ ᠬᠠᠳᠠᠷᠢᠶ᠎ᠠ ᠶᠢ ᠬᠤᠸᠠᠷ ᠬᠠᠳᠠᠷᠢᠶ᠎ᠠ  ᠬᠡᠳᠡᠭ᠃ ᠬᠤᠸᠠᠷ ᠬᠠᠳᠠᠷᠢᠶ᠎ᠠ ᠶᠢ ᠪᠠᠰᠠ ᠲᠠᠶᠢᠸᠠᠷ ᠬᠠᠳᠠᠷᠢᠶ᠎ᠠ᠂ ᠰᠠᠯᠠᠭ᠎ᠠ ᠬᠠᠳᠠᠷᠢᠶ᠎ᠠ ᠬᠡᠳᠡᠭ᠃                                 
ᠢᠷᠡᠯᠲᠡ᠄ ᠪᠠᠶᠠᠨᠨᠠᠭᠤᠷ ᠤᠨ ᠰᠤᠨᠢᠨ ᠠᠴᠠ ᠪᠠᠭᠤᠯᠭᠠᠪᠠ