ᠪᠤᠷᠳᠤᠭᠠᠨ ᠤ ᠲᠦᠷᠥᠯ ᠬᠢᠭᠡᠳ ᠬᠡᠷᠡᠭᠯᠡᠯᠳᠡ
ᠨᠡᠶᠢᠲᠡᠯᠡᠭᠰᠡᠨ ᠴᠠᠭ᠄
2022/1/17
        ᠪᠤᠷᠳᠤᠭ᠎ᠠ ᠶᠢ ᠤᠯᠠᠨ ᠵᠥᠢᠯ ᠤᠨ ᠪᠤᠷᠳᠤᠭᠠᠨ ᠤ ᠲᠦᠬᠦᠭᠡᠢ ᠡᠳ᠋ ᠪᠠ ᠪᠤᠷᠳᠤᠭᠠᠨ ᠬᠠᠴᠢᠷᠯᠠᠭᠠᠰᠥ ᠪᠠᠷ ᠨᠠᠶᠢᠷᠠᠵᠤ ᠭᠠᠷᠭᠠᠳᠠᠭ᠃ ᠬᠤᠨᠤᠭ ᠤᠨ ᠪᠤᠷᠳᠤᠭ᠎ᠠ ᠬᠡᠳᠡᠭ ᠨᠢ ᠡᠳᠥᠷ ᠲᠤ ᠨᠢᠭᠡ ᠳᠠᠬᠢᠶ᠎ᠠ ᠪᠤᠶᠤ ᠪᠤᠰᠤᠳ ᠨᠢᠭᠡ ᠮᠠᠯ ᠵᠢᠬᠦᠷᠳᠡᠨ ᠳᠤ ᠦᠭᠬᠦ ᠡᠯᠳᠡᠪ ᠪᠤᠷᠳᠤᠭ᠎ᠠ ᠶᠢᠨ ᠨᠡᠶᠢᠯᠡᠪᠤᠷᠢ ᠶᠢ ᠵᠢᠭᠠᠨ᠎ᠠ᠃ ᠦᠨᠳᠡᠭᠡᠨ ᠳᠠᠬᠢᠶ᠎ᠠ᠂ ᠢᠳᠡᠰᠢᠨ ᠳᠠᠬᠢᠶ᠎ᠠ ᠶᠢ ᠴᠦᠮ ᠰᠦᠷᠥᠭ ᠢᠶᠠᠷ ᠳᠡᠵᠢᠭᠡᠳᠡᠭ ᠲᠤᠯᠠ ᠳᠠᠬᠢᠶᠠᠨ ᠰᠦᠷᠥᠭ ᠤᠨ ᠡᠬᠦᠯᠳᠡᠷ᠂ ᠬᠡᠷᠡᠭᠯᠡᠭᠡ᠂ ᠹᠢᠽᠢᠥᠯᠤᠬᠢ ᠶᠢᠨ ᠱᠠᠳᠥ᠂ ᠳᠤᠮᠳᠠᠴᠢ ᠥᠢᠯᠡᠳᠪᠤᠷᠢᠯᠡᠯ ᠤᠨ ᠬᠢᠷᠢ ᠭᠡᠮᠵᠢᠶ᠎ᠡ ᠶᠢ ᠦᠨᠳᠥᠰᠥᠯᠡᠨ ᠪᠤᠷᠳᠤᠭ᠎ᠠ ᠨᠠᠶᠢᠷᠠᠭᠤᠯᠳᠠᠭ᠂ ᠳᠡᠷᠡᠴᠢᠯᠡᠨ ᠨᠢᠭᠡ ᠳᠠᠬᠢᠶᠠᠨ ᠤ ᠢᠳᠡᠰᠢ ᠠᠪᠬᠤ ᠬᠡᠮᠵᠢᠶ᠎ᠡ ᠪᠠᠷ ᠪᠦᠬᠦ ᠰᠦᠷᠥᠭ ᠲᠤ ᠦᠭᠬᠦ ᠪᠤᠷᠳᠤᠭᠠᠨ ᠤ ᠬᠡᠮᠵᠢᠶ᠎ᠡ ᠶᠢ ᠪᠤᠳᠤᠵᠤ ᠭᠠᠷᠭᠠᠨ᠎ᠠ᠃              ᠤᠳᠥ ᠶᠢᠨ ᠮᠡᠳᠡᠭᠰᠡᠨ ᠢᠶᠠᠷ᠂ ᠦᠨᠳᠡᠭᠡᠨ ᠳᠠᠬᠢᠶ᠎ᠠ ᠪᠠ ᠢᠳᠡᠰᠢᠨ ᠳᠠᠬᠢᠶ᠎ᠠ ᠴᠦᠮ 40 ᠭᠠᠷᠤᠢ ᠵᠥᠢᠯ ᠤᠨ ᠰᠢᠮ᠎ᠡ ᠳᠡᠵᠢᠭᠡᠯᠳᠥ ᠪᠤᠳᠠᠰ ᠬᠡᠷᠡᠭᠰᠡᠳᠡᠭ᠃ ᠳᠡᠵᠢᠭᠡᠯᠭᠡ ᠶᠢᠨ ᠪᠠᠷᠢᠮᠵᠢᠶ᠎ᠠ ᠶᠢᠨ ᠬᠡᠮᠵᠢᠶ᠎ᠡ ᠶᠢ ᠯᠠᠪᠯᠠᠨ ᠵᠤᠬᠢᠰᠳᠠᠢ ᠪᠤᠷᠳᠤᠭᠠᠨ ᠤ ᠲᠦᠬᠦᠭᠡᠢ ᠡᠳ᠋ ᠢ ᠬᠡᠷᠡᠭᠯᠡᠵᠤ᠂ ᠳᠠᠬᠢᠶᠠᠨ ᠤ ᠠᠳᠠᠯᠢ ᠪᠤᠰᠥ ᠹᠢᠽᠢᠥᠯᠤᠬᠢ ᠶᠢᠨ ᠱᠠᠳᠥᠨ ᠤ ᠪᠤᠷᠳᠤᠭ᠎ᠠ ᠨᠠᠶᠢᠷᠠᠭᠤᠯᠵᠤ ᠪᠤᠯᠤᠨ᠎ᠠ᠃ ᠬᠡᠷᠡᠭᠯᠡᠭᠴᠢᠳ ᠤᠨ ᠲᠦᠬᠦᠮ ᠢ ᠪᠤᠳᠤᠭᠠᠳ ᠪᠤᠷᠳᠤᠭ᠎ᠠ ᠨᠠᠶᠢᠷᠠᠭᠤᠯᠬᠤ ᠥᠢᠯᠡᠳᠪᠤᠷᠢ ᠦᠨᠳᠡᠭᠡᠨ ᠳᠠᠬᠢᠶ᠎ᠠ ᠪᠠ ᠢᠳᠡᠰᠢᠨ ᠳᠠᠬᠢᠶᠠᠨ ᠤ ᠰᠢᠮ᠎ᠡ ᠳᠡᠵᠢᠭᠡᠯ ᠤᠨ ᠬᠡᠷᠡᠭᠴᠡᠭᠡ ᠳᠤ ᠳᠤᠬᠢᠷᠠᠭᠤᠯᠥᠨ ᠠᠳᠠᠯᠢ ᠪᠤᠰᠥ ᠭᠤᠷᠪᠠᠨ ᠲᠦᠷᠥᠯ ᠤᠨ ᠪᠤᠷᠳᠤᠭ᠎ᠠ ᠥᠢᠯᠡᠳᠪᠤᠷᠢᠯᠡᠵᠤ ᠪᠤᠢ᠃               1. ᠳᠡᠬᠦᠰ ᠪᠤᠷᠳᠤᠭ᠎ᠠ ᠰᠢᠮ᠎ᠡ ᠳᠡᠵᠢᠭᠡᠯ ᠤᠨ ᠬᠡᠷᠡᠭᠴᠡᠭᠡ ᠶᠤᠰᠤ ᠪᠠᠷ ᠤᠯᠠᠨ ᠵᠥᠢᠯ ᠤᠨ ᠪᠤᠷᠳᠤᠭ᠎ᠠ ᠬᠢᠭᠡᠳ ᠬᠠᠴᠢᠷᠯᠠᠭᠠᠰᠥ ᠪᠠᠷ ᠨᠠᠶᠢᠷᠠᠭᠤᠯᠤᠭᠰᠠᠨ ᠪᠤᠷᠳᠤᠭ᠎ᠠ ᠮᠦᠨ᠃ ᠳᠠᠬᠢᠶᠠᠨ ᠳᠤ ᠶᠠᠮᠠᠷ ᠴᠥ ᠪᠤᠷᠳᠤᠭ᠎ᠠ ᠬᠠᠴᠢᠷᠯᠠᠬᠤ ᠦᠬᠡᠢ ᠪᠠᠷ ᠰᠢᠭᠤᠳ ᠦᠭᠬᠦ ᠳᠤ ᠮᠠᠰᠢ ᠰᠠᠶᠢᠨ ᠥᠢᠯᠡᠳᠥᠯ ᠭᠠᠷᠴᠢᠬᠠᠨ᠎ᠠ᠃ ᠨᠦᠬᠦᠴᠡᠯ ᠲᠠᠢ ᠪᠤᠯ ᠦᠪᠡᠷ ᠢᠶᠠᠨ ᠳᠡᠬᠦᠰ ᠪᠤᠷᠳᠤᠭ᠎ᠠ ᠨᠠᠶᠢᠷᠠᠭᠤᠯᠵᠤ ᠪᠤᠯᠤᠨ᠎ᠠ᠃               2. ᠦᠳᠭᠡᠷᠡᠬᠦᠯᠥᠭᠰᠡᠨ ᠪᠤᠷᠳᠤᠭ᠎ᠠ ᠸᠢᠲ᠋ᠠᠮᠢᠨ᠂ ᠪᠢᠴᠢᠯ ᠡᠯᠧᠮᠧᠨ᠋ᠲ᠂ ᠠᠮᠢᠨᠣ᠋ ᠬᠦᠴᠢᠯ᠂ ᠦᠰᠥᠯᠳᠡ ᠶᠢ ᠲᠦᠷᠭᠡᠳᠭᠡᠬᠦ ᠪᠤᠶᠤ ᠡᠪᠡᠳᠴᠢᠨ ᠭᠡᠮ ᠢ ᠰᠡᠷᠬᠡᠶᠢᠯᠡᠬᠦ ᠡᠮᠳᠥ ᠪᠤᠳᠠᠰ ᠵᠡᠷᠭᠡ ᠬᠠᠴᠢᠷᠯᠠᠭᠠᠰᠥ ᠶᠢᠨ ᠪᠡᠯᠡᠳᠭᠡᠯ ᠬᠤᠯᠢᠮᠠᠭ ᠪᠤᠷᠳᠤᠭ᠎ᠠ ᠪᠠ ᠺᠠᠯᠼ᠂ ᠹᠤᠰᠹᠤᠷ ᠤᠨ ᠮᠢᠨᠧᠷᠠᠯ ᠪᠤᠷᠳᠤᠭ᠎ᠠ᠂ ᠤᠭᠤᠷᠠᠭᠳᠥ ᠪᠤᠷᠳᠤᠭ᠎ᠠ ᠬᠢᠭᠡᠳ ᠳᠠᠪᠤᠰᠥ ᠵᠡᠷᠭᠡ ᠪᠠᠷ ᠪᠦᠷᠢᠯᠳᠥᠨ᠎ᠡ᠃ ᠳᠡᠩᠴᠡᠬᠦᠷᠢᠳᠥ ᠪᠤᠷᠳᠤᠭᠠᠨ ᠤ ᠥᠢᠯᠡᠳᠪᠤᠷᠢ ᠶᠢᠨ ᠥᠢᠯᠡᠳᠪᠤᠷᠢᠯᠡᠭᠰᠡᠨ ᠬᠠᠭᠠᠰ ᠡᠳ᠋ᠰᠢᠬᠦᠯᠥᠭᠰᠡᠨ ᠪᠦᠳᠥᠭᠡᠭᠳᠡᠬᠦᠨ ᠮᠦᠨ᠃ ᠦᠳᠭᠡᠷᠡᠬᠦᠯᠥᠭᠰᠡᠨ ᠪᠤᠷᠳᠤᠭᠠᠨ ᠳᠤ ᠡᠨᠧᠷᠬᠢ ᠶᠢᠨ ᠬᠥᠢᠴᠡᠳᠭᠡᠯ ᠲᠤᠭ᠎ᠠ ᠠᠴᠠ ᠭᠠᠳᠠᠨ᠎ᠠ ᠪᠤᠰᠤᠳ ᠰᠢᠮ᠎ᠡ ᠳᠡᠵᠢᠭᠡᠯ ᠤᠨ ᠪᠦᠷᠢᠯᠳᠥᠬᠦᠨ ᠤ ᠦᠳᠭᠡᠴᠡ ᠮᠠᠰᠢ ᠦᠨᠳᠥᠷ᠂ ᠶᠡᠷᠥ ᠳᠤ ᠪᠠᠨ ᠳᠡᠬᠦᠰ ᠳᠡᠩᠴᠡᠬᠦᠷᠢᠳᠥ ᠪᠤᠷᠳᠤᠭᠠᠨ ᠤ 3 — 4 ᠳᠠᠬᠢᠨ᠂ ᠵᠢᠱᠢᠶᠡᠯᠡᠪᠡᠯ ᠤᠭᠤᠷᠠᠭ ᠠᠭᠤᠯᠤᠭᠳᠠᠴᠠ 30% —75%᠂ ᠵᠢᠷᠥᠵᠤ ᠲᠦᠯᠥᠪᠯᠡᠭᠰᠡᠨ ᠶᠤᠰᠤ ᠪᠠᠷ ᠪᠤᠰᠤᠳ ᠪᠦᠷᠢᠯᠳᠥᠬᠦᠨ ︵ᠭᠤᠤᠯᠳᠠᠭᠤ ᠢᠯᠴᠢ ᠨᠡᠮᠡᠬᠦ ᠪᠤᠷᠳᠤᠭ᠎ᠠ᠂ ᠵᠢᠱᠢᠶᠡᠯᠡᠪᠡᠯ ᠡᠷᠳᠡᠨᠢ ᠰᠢᠰᠢ᠂ ᠰᠢᠰᠢ ᠵᠡᠷᠭᠡ︶ ᠲᠠᠢ ᠬᠤᠯᠢᠪᠠᠯ ᠳᠡᠬᠦᠰ ᠳᠡᠩᠴᠡᠬᠦᠷᠢᠳᠥ ᠪᠤᠷᠳᠤᠭ᠎ᠠ ᠪᠤᠶᠤ ᠳᠡᠬᠦᠨ ᠲᠠᠢ ᠪᠠᠷᠤᠭ ᠤᠴᠢᠬᠤ ᠳᠡᠬᠦᠰ ᠳᠡᠩᠴᠡᠬᠦᠷᠢᠳᠥ ᠪᠤᠷᠳᠤᠭ᠎ᠠ ᠤᠯᠵᠤ ᠪᠤᠯᠤᠨ᠎ᠠ᠃ ᠦᠳᠭᠡᠷᠡᠬᠦᠯᠥᠭᠰᠡᠨ ᠪᠤᠷᠳᠤᠭ᠎ᠠ ᠶᠢᠨ ᠳᠡᠬᠦᠰ ᠳᠡᠩᠴᠡᠬᠦᠷᠢᠳᠥ ᠪᠤᠷᠳᠤᠭᠠᠨ ᠳᠤ ᠡᠵᠡᠯᠡᠬᠦ ᠬᠠᠷᠢᠴᠠᠯ ᠨᠢ ᠠᠮᠢᠳᠠᠨ᠂ ᠨᠠᠶᠢᠷᠠᠯᠭ᠎ᠠ ᠪᠤᠯᠤᠨ ᠵᠤᠷᠢᠯᠳᠠ ᠶᠢᠨ ᠠᠳᠠᠯᠢ ᠦᠬᠡᠢ ᠠᠴᠠ ᠪᠤᠯᠵᠤ ᠶᠡᠭᠡᠳᠡ ᠬᠤᠪᠢᠷᠠᠯᠳᠠ ᠲᠠᠢ ᠪᠠᠶᠢᠳᠠᠭ᠂ ᠶᠡᠷᠥ ᠳᠤ ᠪᠠᠨ 5% —50%᠂ ᠡᠩ ᠤᠨ ᠪᠠᠶᠢᠳᠠᠯ ᠳᠤᠤᠷ᠎ᠠ 20% — 40% ᠶᠢ ᠡᠵᠡᠯᠡᠨ᠎ᠡ᠃ ᠳᠡᠬᠦᠨ ᠳᠤ ᠪᠤᠢ ᠪᠦᠬᠦᠢ ᠤᠭᠤᠷᠠᠭᠳᠥ ᠪᠤᠷᠳᠤᠭ᠎ᠠ ᠪᠠᠭᠳᠠᠵᠤ᠂ ᠡᠰᠡᠬᠦᠯ᠎ᠡ ᠨᠢᠭᠡ ᠪᠦᠯᠥᠭ ᠤᠭᠤᠷᠠᠭᠳᠥ ᠪᠤᠷᠳᠤᠭ᠎ᠠ ᠪᠠᠭᠳᠠᠭᠰᠠᠨ ᠴᠥ ᠪᠤᠯᠤᠨ᠎ᠠ᠂  ᠪᠠᠰᠠ ᠨᠢᠭᠡ ᠪᠦᠯᠥᠭ ᠡᠨᠧᠷᠬᠢᠳᠥ ᠪᠤᠷᠳᠤᠭ᠎ᠠ ᠪᠠᠭᠳᠠᠵᠤ ᠪᠤᠯᠤᠨ᠎ᠠ᠃ ᠡᠵᠡᠯᠡᠬᠦ ᠬᠠᠷᠢᠴᠠᠯ ᠨᠢ ᠨᠡᠯᠢᠶᠡᠳ ᠳᠤᠤᠷ᠎ᠠ ᠦᠳᠭᠡᠷᠡᠬᠦᠯᠥᠭᠰᠡᠨ ᠪᠤᠷᠳᠤᠭ᠎ᠠ ᠪᠠᠷ ᠳᠡᠬᠦᠰ ᠪᠤᠷᠳᠤᠭ᠎ᠠ ᠨᠠᠶᠢᠷᠠᠭᠤᠯᠬᠤ ᠳᠤ ᠪᠠᠰᠠ ᠤᠭᠤᠷᠠᠭᠳᠥ ᠪᠤᠷᠳᠤᠭ᠎ᠠ ᠨᠡᠮᠡᠬᠦ ᠴᠢᠬᠤᠯᠠ ᠲᠠᠢ᠃
ᠢᠷᠡᠯᠲᠡ᠄ ︽ᠮᠠᠯᠴᠢᠨ ᠳᠠᠷᠢᠶᠠᠴᠢᠨ ᠤ ᠠᠯᠳᠠᠨ ᠲᠦᠯᠬᠢᠬᠦᠷ︾ ᠴᠤᠪᠤᠷᠠᠯ ᠪᠢᠴᠢᠭ ᠠᠴᠠ ᠠᠪᠤᠪᠠ