ᠡᠭᠡᠳᠡᠭᠰᠡᠨ ᠰᠦ ᠶᠢᠨ ᠰᠢᠮ᠎ᠡ ᠲᠡᠵᠢᠭᠡᠯ ᠨᠢ ᠰᠢᠨ᠎ᠡ ᠰᠤᠷᠭᠤᠭ ᠰᠦᠨ ᠠᠴᠠ ᠬᠤᠯᠠ ᠳᠠᠪᠠᠳᠠᠭ᠃ ᠲᠡᠭᠦᠨ ᠳᠤ ᠤᠯᠠᠨ ᠶᠠᠩᠵᠤ ᠶᠢᠨ ᠰᠦᠨ ᠬᠦᠴᠢᠯ᠂ ᠰᠦᠨ | ᠰᠢᠬᠢᠷ᠂ ᠠᠮᠢᠨᠦ᠋ ᠬᠦᠴᠢᠯ᠂ ᠡᠷᠦᠳᠡᠰᠦᠨ ᠪᠤᠳᠠᠰ᠂ ᠸᠢᠲ᠋ᠠᠮᠢᠨ ᠵᠡᠷᠭᠡ ᠪᠤᠳᠠᠰ ᠡᠯᠪᠡᠭ ᠠᠭᠤᠯᠤᠭᠳᠠᠳᠠᠬ᠃ ᠬᠤᠳᠤᠭᠤᠳᠤᠨ ᠡᠪᠡᠳᠴᠢᠨ ᠲᠠᠢ ᠬᠦᠮᠦᠨ ᠡᠭᠡᠳᠡᠭᠰᠡᠨ | ᠰᠦ ᠤᠤᠭᠤᠪᠠᠯ ᠬᠤᠳᠤᠭᠤᠳᠤᠨ ᠬᠦᠴᠢᠯ ᠢᠯᠭᠠᠷᠠᠭᠤᠯᠬᠤ ᠶᠢ ᠠᠬᠢᠭᠤᠯᠵᠤ᠂ ᠬᠤᠭᠤᠯᠠᠨ ᠤ ᠳᠠᠷᠠᠭ᠎ᠠ ᠬᠡᠢ ᠲᠦᠭᠦᠷᠡᠵᠦ᠂ ᠰᠠᠭᠤᠯᠭᠠᠬᠤ ᠵᠡᠷᠭᠡ ᠪᠠᠶᠢᠳᠠᠯ ᠢᠯᠡᠷᠡᠭᠦ | ᠦᠭᠡᠢ ᠪᠦᠭᠡᠳ ᠬᠠᠷᠢᠨ ᠬᠡᠢ ᠨᠡᠪᠳᠡᠷᠡᠵᠦ᠂ ᠢᠳᠡᠭᠰᠡᠨ ᠢ ᠰᠢᠩᠭᠡᠭᠡᠳᠡᠭ᠃ | ᠲᠡᠭᠡᠪᠡᠯ ᠥᠪᠡᠷ ᠲᠡᠭᠡᠨ ᠡᠭᠡᠳᠡᠭᠰᠡᠨ ᠰᠦ ᠬᠢᠬᠦ ᠠᠷᠭ᠎ᠠ ᠶᠢ ᠰᠤᠷᠤᠶ᠎ᠠ᠄ | 1. ᠤᠷᠢᠳᠠᠪᠠᠷ ᠲᠦᠭᠦᠭᠡᠢ ᠮᠠᠲ᠋ᠧᠷᠢᠶᠠᠯ ᠪᠠ ᠪᠠᠭᠠᠵᠢ ᠬᠡᠷᠡᠭᠰᠡᠯ ᠢᠶᠠᠨ ᠪᠦᠷᠢᠨ ᠪᠤᠯᠭᠠᠨ᠎ᠠ᠃ ᠰᠢᠨ᠎ᠡ ᠰᠤᠷᠭᠤᠭ ᠰᠦ᠂ ᠡᠭᠡᠳᠡᠭᠰᠡᠨ ᠰᠦ᠂ ᠴᠠᠬᠢᠯᠭᠠᠨ | ᠲᠤᠭᠤᠭ᠎ᠠ᠂ ᠪᠢᠴᠢᠯ ᠳᠤᠯᠬᠢᠶᠠᠨ ᠵᠤᠤᠬ᠎ᠠ ᠵᠡᠷᠭᠡ᠃ | 2. ᠰᠦ ᠪᠠᠨ ᠪᠢᠴᠢᠯ ᠳᠤᠯᠬᠢᠶᠠᠨ ᠵᠤᠤᠬᠠᠨ ᠳᠠᠭᠠᠨ ᠬᠢᠵᠦ ᠬᠠᠯᠠᠭᠠᠨ᠎ᠠ᠃ | 3. ᠪᠦᠯᠢᠶᠡᠨ ᠰᠦ ᠳᠤᠳᠤᠷ᠎ᠠ ᠪᠠᠨ ᠡᠭᠡᠳᠡᠭᠰᠡᠨ ᠰᠦ ᠬᠢᠵᠦ᠂ ᠬᠠᠯᠪᠠᠭ᠎ᠠ ᠪᠠᠷ ᠢᠶᠠᠨ ᠰᠠᠶᠢᠬᠠᠨ ᠵᠢᠭᠳᠡ ᠬᠤᠳᠬᠤᠵᠤ᠂ ᠳᠠᠬᠯᠠᠭᠠ ᠪᠠᠷ ᠨᠢ ᠳᠠᠷᠤᠵᠤ ᠳᠠᠯᠪᠢᠨ᠎ᠠ | ᠃ | 4. ᠴᠠᠬᠢᠯᠭᠠᠨ ᠲᠤᠭᠤᠭᠠᠨ ᠳᠤᠳᠤᠷᠠᠬᠢ ᠬᠠᠯᠠᠭᠤᠨ ᠤᠰᠤ ᠪᠠᠨ ᠴᠢᠳᠬᠤᠵᠤ᠂ ᠸᠠᠭᠠᠷ ᠴᠤᠮᠤ ᠪᠠᠨ ᠴᠠᠬᠢᠯᠭᠠᠨ ᠳᠤᠭᠤᠭᠠᠨ ᠳᠠᠭᠠᠨ ᠬᠢᠵᠦ᠂ ᠴᠡᠪᠡᠷᠬᠡᠨ | ᠠᠯᠴᠢᠭᠤᠷ ᠢᠶᠠᠷ ᠪᠦᠳᠡᠭᠡᠵᠦ ᠳᠠᠯᠪᠢᠨ᠎ᠠ᠃ ᠲᠤᠭᠤᠭᠠᠨ ᠤ ᠦᠯᠡᠳᠡᠭᠰᠡᠨ ᠢᠯᠴᠢ ᠪᠠᠷ ᠨᠢ ᠤᠴᠢᠵᠤ ᠢᠰᠭᠡᠨ᠎ᠡ᠃ 8 - 10 ᠴᠠᠬ ᠤᠨ ᠳᠠᠷᠠᠭ᠎ᠠ ᠰᠠᠶᠢᠬᠠᠨ ᠠᠮᠳᠠᠳᠤ | ᠡᠭᠡᠳᠡᠭᠰᠡᠨ ᠰᠦ ᠪᠡᠯᠡᠭᠡᠨ ᠪᠤᠯᠴᠢᠬᠠᠨ᠎ᠠ᠃ | |